ᠶᠠᠫᠦᠨ ᠤ ᠤᠤᠰᠡᠺᠡ ᠳᠤ 6.1 ᠲᠡᠰ ᠤᠨ ᠭᠠᠵᠠᠷ ᠭᠦᠳᠡᠯᠵᠦ ᠨᠠᠭᠠᠳᠤ ᠵᠠᠬ᠎ᠠ ᠳᠠᠭᠠᠨ 3 ᠬᠦᠮᠦᠨ ᠠᠳᠡᠪᠡ
ᠨᠡᠶᠢᠲᠡᠯᠡᠭᠰᠡᠨ ᠴᠠᠭ᠄
2018-06-20
       ᠰᠢᠨᠬᠤᠸᠠ ᠬᠤᠷᠢᠶᠡᠨ ᠤ ᠲᠤᠤᠺᠢᠣ᠋ ᠶᠢᠨ 6 ᠰᠠᠷ᠎ᠡ ᠶᠢᠨ 18 ᠤ ᠴᠠᠬᠢᠯᠭᠠᠨ ᠮᠡᠳᠡᠭᠡ ᠠᠴᠠ        ᠶᠠᠫᠦᠨ ᠤ ᠴᠠᠭ ᠠᠭᠤᠷ ᠤᠨ ᠲᠢᠩᠬᠢᠮ ᠤᠨ ᠮᠡᠳᠡᠭᠡ ᠶᠢ ᠦᠨᠳᠦᠰᠦᠯᠡᠪᠡᠯ᠂ ᠲᠤᠬᠠᠢ ᠶᠢᠨ ᠭᠠᠵᠠᠷ ᠤᠨ ᠴᠠᠭ ᠢᠶᠠᠷ 18 ᠤ ᠡᠳᠤᠷ ᠤᠨ ᠦᠳᠡ ᠶᠢᠨ ᠡᠮᠦᠨᠡᠬᠢ 7 ᠴᠠᠭ 58 ᠮᠢᠨᠦ᠋ᠲ ︵ᠪᠡᠭᠡᠵᠢᠩ ᠤᠨ ᠴᠠᠭ ᠢᠶᠠᠷ 6 ᠴᠠᠭ 58 ᠮᠢᠨᠦ᠋ᠲ︶ ᠲᠤ᠂ ᠶᠠᠫᠦᠨ ᠤ ᠤᠤᠰᠡᠺᠡ ᠹᠦ᠋ ᠳᠤ 6.1 ᠲᠡᠰ ᠤᠨ ᠭᠠᠵᠠᠷ ᠭᠦᠳᠡᠯᠦᠯᠳᠡ ᠡᠭᠦᠰᠪᠡ᠃ ᠶᠠᠫᠦᠨ ᠤ ᠵᠠᠭᠤᠴᠢᠯᠠᠭᠤᠷ ᠤᠨ ᠮᠡᠳᠡᠭᠡᠯᠡᠯ ᠢ ᠦᠨᠳᠦᠰᠦᠯᠡᠪᠡᠯ᠂ ᠭᠠᠵᠠᠷ ᠭᠦᠳᠡᠯᠦᠯᠳᠡ ᠳᠤ ᠨᠠᠭᠠᠳᠤ ᠵᠠᠬ᠎ᠠ ᠳᠠᠭᠠᠨ 3 ᠬᠦᠮᠦᠨ ᠠᠳᠡᠵᠦ᠂ 51 ᠬᠦᠮᠦᠨ ᠰᠢᠷᠬᠠᠳᠤᠪᠡ᠃ ᠲᠤᠰ ᠤᠳᠠᠭᠠᠨ ᠤ ᠭᠠᠵᠠᠷ ᠭᠦᠳᠡᠯᠦᠯᠳᠡ ᠶᠢᠨ ᠲᠦᠪ ᠨᠢ ᠤᠤᠰᠡᠺᠡ ᠹᠦ᠋ ᠶᠢᠨ ᠬᠤᠶᠢᠳᠦ ᠭᠡᠰᠡᠭ ︵ᠵᠡᠭᠦᠨ ᠤᠷᠳᠤᠷᠢᠭ ᠢᠶᠠᠷ 135.6 ᠭᠷᠠᠳᠦ᠋ᠰ᠂ ᠤᠮᠠᠷᠠᠳᠤ ᠦᠷᠭᠡᠷᠢᠭ ᠢᠶᠠᠷ 34.8 ᠭᠷᠠᠳᠦ᠋ᠰ ᠤᠨ ᠤᠷᠤᠨ︶ ᠲᠤ ᠪᠠᠶᠢᠵᠤ᠂ ᠭᠠᠵᠠᠷ ᠭᠦᠳᠡᠯᠦᠯᠳᠡ ᠶᠢᠨ ᠭᠤᠯᠤᠮᠳᠡ ᠶᠢᠨ ᠭᠦᠨ ᠨᠢ ᠪᠠᠷᠤᠭ 13 ᠺᠢᠯᠦᠮᠧᠲᠷ ᠪᠠᠶᠢᠨ᠎ᠡ᠃ ᠤᠤᠰᠡᠺᠡ᠂ ᠺᠢᠤᠲ᠋ᠣ᠋ ᠵᠡᠷᠭᠡ ᠭᠠᠵᠠᠷ ᠢᠶᠠᠷ ᠴᠦᠮ ᠬᠦᠴᠦᠳᠠᠢ ᠲᠤᠯᠬᠢᠰᠤᠯᠳᠠ ᠭᠠᠷᠴᠠᠢ᠃ ᠶᠠᠫᠤᠨ ᠤ ᠵᠠᠭᠤᠴᠢᠯᠠᠭᠤᠷ ᠤᠨ ᠮᠡᠳᠡᠭᠡᠯᠡᠭᠰᠡᠨ ᠢᠶᠠᠷ᠂ ᠤᠤᠰᠡᠺᠡ ᠹᠦ᠋᠂ ᠺᠢᠤᠲ᠋ᠣ᠋ ᠹᠦ᠋᠂ ᠾᠢᠤᠭᠣ᠋ ᠰᠢᠶᠠᠨ ᠵᠡᠷᠭᠡ ᠭᠠᠵᠠᠷ ᠤᠨ ᠬᠤᠯᠪᠤᠭᠳᠠᠯ ᠪᠦᠭᠦᠢ ᠰᠠᠯᠠᠭ᠎ᠠ ᠮᠦᠴᠢᠷ ᠤᠨ ᠬᠢᠨ ᠨᠢᠭᠡᠨᠳᠡ ᠵᠠᠯᠭᠠᠪᠡᠷ ᠠᠷᠠᠳ ᠤᠯᠠᠨ ᠤ ᠦᠭᠦᠵᠤ ᠰᠢᠷᠬᠠᠳᠤᠬᠰᠡᠨ ᠮᠡᠳᠡᠭᠦᠯᠦᠯᠳᠡ ᠶᠢ ᠤᠯᠪᠠ᠃ ᠤᠳᠤᠬᠠᠨ ᠪᠤᠯᠳᠠᠯ᠎ᠠ᠂ ᠤᠤᠰᠡᠺᠡ ᠹᠦ᠋ ᠳᠠᠬᠢ 2 ᠡᠷᠡᠭᠳᠠᠢ ᠪᠡ ᠨᠢᠭᠡ ᠵᠢᠭᠠᠯ ᠦᠬᠢᠨ ᠭᠠᠵᠠᠷ ᠭᠦᠳᠡᠯᠦᠯᠳᠡ ᠳᠤ ᠠᠳᠡᠪᠡ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号