ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠳᠠᠭᠠᠳᠬᠠᠯ ᠤᠨ ᠬᠠᠤᠯᠢ
ᠨᠡᠶᠢᠲᠡᠯᠡᠭᠰᠡᠨ ᠴᠠᠭ᠄
2018-06-22
                 1995 ᠣᠨ ᠤ 6 ᠰᠠᠷ᠎ᠠ ᠶᠢᠨ 30 ᠤ ᠡᠳᠦᠷ                  ᠨᠠᠢᠮᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ                  ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ                  ᠠᠷᠪᠠᠨ ᠳᠥᠷᠪᠡᠳᠦᠭᠡᠷ ᠬᠤᠷᠠᠯᠳᠤᠭᠠᠨ ᠠᠴᠠ ᠪᠠᠲᠤᠯᠠᠪᠠ ᠭᠠᠷᠴᠠᠭᠨᠢᠭᠡᠳᠦᠭᠡᠷ ᠪᠦᠯᠦᠭ    ᠶᠡᠷᠦᠩᠬᠡᠶ ᠳᠦᠷᠢᠮ ᠬᠤᠶᠠᠳᠤᠭᠠᠷ ᠪᠦᠯᠦᠭ    ᠳᠠᠭᠠᠳᠬᠠᠯ ᠤᠨ ᠭᠡᠷ᠎ᠡᠨᠢᠭᠡᠳᠦᠭᠡᠷ ᠬᠡᠰᠡᠭ    ᠡᠩ ᠤᠨ ᠲᠣᠭᠲᠠᠭᠠᠯᠬᠤᠶᠠᠳᠤᠭᠠᠷ ᠬᠡᠰᠡᠭ    ᠡᠳ᠋ ᠬᠥᠷᠥᠩᠭᠡ ᠶᠢᠨ ᠳᠠᠭᠠᠳᠬᠠᠯ ᠤᠨ ᠭᠡᠷ᠎ᠡᠭᠤᠷᠪᠠᠳᠤᠭᠠᠷ ᠬᠡᠰᠡᠭ    ᠪᠡᠶ᠎ᠡ ᠶᠢᠨ ᠳᠠᠭᠠᠳᠬᠠᠯ ᠤᠨ ᠭᠡᠷ᠎ᠡ ᠭᠤᠷᠪᠠᠳᠤᠭᠠᠷ ᠪᠦᠯᠦᠭ    ᠳᠠᠭᠠᠳᠬᠠᠯ ᠤᠨ ᠺᠤᠮᠫᠠᠨᠢᠳᠥᠷᠪᠡᠳᠦᠭᠡᠷ ᠪᠦᠯᠦᠭ    ᠳᠠᠭᠠᠳᠬᠠᠯ ᠤᠨ ᠡᠵᠡᠩᠨᠡᠯᠲᠡ ᠶᠢᠨ ᠳᠦᠷᠢᠮ ᠲᠠᠪᠤᠳᠤᠭᠠᠷ ᠪᠦᠯᠦᠭ    ᠳᠠᠭᠠᠳᠬᠠᠯ ᠤᠨ ᠠᠵᠢᠯ ᠤᠨ ᠬᠢᠨᠠᠯᠲᠠ ᠬᠠᠮᠢᠶᠠᠷᠤᠯᠲᠠᠵᠢᠷᠭᠤᠳᠤᠭᠠᠷ ᠪᠦᠯᠦᠭ    ᠳᠠᠭᠠᠳᠬᠠᠯ ᠣᠷᠣᠯᠠᠨ ᠭᠦᠢᠴᠡᠳᠬᠡᠭᠴᠢ ᠪᠠ ᠳᠠᠭᠠᠳᠬᠠᠯ ᠵᠠᠭᠤᠴᠢᠯᠠᠭᠴᠢᠳᠣᠯᠣᠳᠤᠭᠠᠷ ᠪᠦᠯᠦᠭ    ᠬᠠᠤᠯᠢ ᠶᠢᠨ ᠬᠠᠷᠢᠭᠤᠴᠠᠯᠭ᠎ᠠ ᠨᠠᠢᠮᠠᠳᠤᠭᠠᠷ ᠪᠦᠯᠦᠭ    ᠳᠠᠭᠠᠯᠳᠤᠭᠤᠯᠤᠭᠰᠠᠨ ᠳᠦᠷᠢᠮ        ᠨᠢᠭᠡᠳᠦᠭᠡᠷ ᠪᠦᠯᠦᠭ    ᠶᠡᠷᠦᠩᠬᠡᠶ ᠳᠦᠷᠢᠮ           ᠨᠢᠭᠡᠳᠦᠭᠡᠷ ᠵᠦᠢᠯ    ᠳᠠᠭᠠᠳᠬᠠᠯ ᠤᠨ ᠠᠵᠢᠯᠯᠠᠭ᠎ᠠ ᠶᠢ ᠵᠢᠷᠤᠮᠵᠢᠭᠤᠯᠵᠤ᠂ ᠳᠠᠭᠠᠳᠬᠠᠯ ᠤᠨ ᠠᠵᠢᠯᠯᠠᠭ᠎ᠠ ᠶᠢᠨ ᠲᠤᠬᠠᠶ ᠶᠢᠨ ᠬᠥᠮᠦᠨ ᠤ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠵᠤ᠂ ᠳᠠᠭᠠᠳᠬᠠᠯ ᠤᠨ ᠠᠵᠢᠯ ᠤᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ᠳᠠᠭᠠᠳᠬᠠᠯ ᠤᠨ ᠦᠢᠯᠡᠰ ᠤᠨ ᠡᠷᠡᠭᠦᠯ ᠢᠶᠠᠷ ᠬᠥᠭᠵᠢᠬᠦ ᠶᠢ ᠠᠬᠢᠭᠤᠯᠬᠤ ᠶᠢᠨ ᠲᠥᠯᠥᠭᠡ ᠲᠤᠰ ᠬᠠᠤᠯᠢ ᠶᠢ ᠲᠣᠭᠲᠠᠭᠠᠪᠠ᠃        ᠬᠤᠶᠠᠳᠤᠭᠠᠷ ᠵᠦᠢᠯ    ᠲᠤᠰ ᠬᠠᠤᠯᠢ ᠳᠤ ᠬᠡᠯᠡᠵᠦ ᠪᠠᠶᠢᠭ᠎ᠠ ᠳᠠᠭᠠᠳᠬᠠᠯ ᠭᠡᠳᠡᠭ ᠪᠣᠯ ᠳᠠᠭᠠᠳᠬᠠᠭᠤᠯᠤᠭᠴᠢ ᠭᠡᠷ᠎ᠡ ᠳᠤ ᠬᠡᠯᠡᠯᠴᠡᠨ ᠲᠣᠭᠲᠠᠭᠰᠠᠨ ᠶᠣᠰᠣᠭᠠᠷ ᠳᠠᠭᠠᠳᠬᠠᠭᠴᠢ ᠳᠤ ᠳᠠᠭᠠᠳᠬᠠᠯ ᠤᠨ ᠵᠠᠷᠤᠳᠠᠯ ᠲᠤᠰᠢᠶᠠᠵᠤ᠂ ᠭᠡᠷ᠎ᠡ ᠳᠤ ᠬᠡᠯᠡᠯᠴᠡᠨ ᠳᠣᠭᠢᠷᠬᠠᠰᠠᠨ ᠭᠠᠷᠴᠤ ᠮᠡᠳᠡᠬᠦ ᠠᠳᠡᠯ ᠳᠤ ᠤᠴᠠᠷᠠᠵᠤ ᠡᠳ᠋ ᠬᠥᠷᠥᠩᠭᠡ ᠨᠢ ᠬᠤᠬᠢᠷᠠᠯ ᠳᠤ ᠤᠴᠠᠷᠠᠭᠰᠠᠨ ᠪᠠᠶᠢᠪᠠᠯ ᠳᠠᠭᠠᠳᠬᠠᠭᠴᠢ ᠨᠢ ᠳᠠᠭᠠᠳᠬᠠᠯ ᠤᠨ ᠮᠥᠩᠭᠦ ᠲᠥᠯᠥᠬᠦ ᠬᠠᠷᠢᠭᠤᠴᠠᠯᠭ᠎ᠠ ᠡᠭᠦᠷᠭᠡᠯᠡᠬᠦ᠂ ᠡᠰᠡᠬᠦᠯ᠎ᠡ ᠳᠠᠭᠠᠳᠬᠠᠭᠳᠠᠭᠴᠢ ᠦᠬᠦᠭᠰᠡᠨ᠂ ᠰᠢᠷᠬᠠᠲᠤᠵᠤ ᠭᠡᠮᠲᠦᠭᠰᠡᠨ᠂ ᠡᠪᠡᠳᠴᠢᠨ ᠡᠮᠭᠡᠭ ᠣᠯᠤᠭᠰᠠᠨ ᠪᠤᠶᠤ ᠭᠡᠷ᠎ᠡ ᠳᠤ ᠬᠡᠯᠡᠯᠴᠡᠨ ᠳᠣᠭᠢᠷᠬᠠᠰᠠᠨ ᠨᠠᠰᠤ ᠵᠢᠯ᠂ ᠬᠤᠭᠤᠴᠠᠭ᠎ᠠ ᠳᠤ ᠬᠦᠷᠦᠭᠰᠡᠨ ᠦᠶ᠎ᠡ ᠳᠤ ᠳᠠᠭᠠᠳᠬᠠᠯ ᠤᠨ ᠮᠥᠩᠭᠦ ᠥᠭᠬᠦ ᠬᠠᠷᠢᠭᠤᠴᠠᠯᠭ᠎ᠠ ᠶᠢ ᠡᠭᠦᠷᠭᠡᠯᠡᠬᠦ ᠬᠤᠳᠠᠯᠳᠤᠭᠠᠨ ᠤ ᠳᠠᠭᠠᠳᠬᠠᠯ ᠤᠨ ᠠᠵᠢᠯᠯᠠᠭ᠎ᠠ ᠶᠢ ᠬᠡᠯᠡᠵᠦ ᠪᠠᠶᠢᠨ᠎ᠠ᠃        ᠭᠤᠷᠪᠠᠳᠤᠭᠠᠷ ᠵᠦᠢᠯ    ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠤᠲᠤᠭ ᠳᠡᠪᠢᠰᠬᠡᠷ ᠳᠡᠭᠡᠷ᠎ᠡ ᠳᠠᠭᠠᠳᠬᠠᠯ ᠤᠨ ᠠᠵᠢᠯᠯᠠᠭ᠎ᠠ ᠬᠢᠬᠦ ᠳᠤ ᠲᠤᠰ ᠬᠠᠤᠯᠢ ᠶᠢ ᠬᠡᠷᠡᠭᠵᠢᠭᠦᠯᠦᠨ᠎ᠡ᠃        ᠳᠥᠷᠪᠡᠳᠦᠭᠡᠷ ᠵᠦᠢᠯ    ᠳᠠᠭᠠᠳᠬᠠᠯ ᠤᠨ ᠠᠵᠢᠯᠯᠠᠭ᠎ᠠ ᠬᠢᠬᠦ ᠳᠡᠭᠡᠨ ᠡᠷᠬᠡᠪᠰᠢ ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠣᠭᠲᠠᠭᠠᠯ ᠢ ᠵᠢᠷᠤᠮᠯᠠᠨ ᠰᠠᠬᠢᠵᠤ᠂ ᠰᠠᠶᠢᠨ ᠳᠤᠷ᠎ᠠ ᠶᠢᠨ ᠪᠠ ᠦᠨᠡᠨᠴᠢ ᠢᠲᠡᠭᠡᠮᠵᠢ ᠲᠠᠢ ᠪᠠᠶᠢᠬᠤ ᠵᠠᠷᠴᠢᠮ ᠢ ᠵᠢᠷᠤᠮᠯᠠᠬᠤ ᠬᠡᠷᠡᠭᠲᠡᠶ᠃        ᠲᠠᠪᠤᠳᠤᠭᠠᠷ ᠵᠦᠢᠯ    ᠬᠤᠳᠠᠯᠳᠤᠭᠠᠨ ᠤ ᠳᠠᠭᠠᠳᠬᠠᠯ ᠤᠨ ᠲᠤᠬᠠᠶᠢᠯᠠᠭᠰᠠᠨ ᠠᠵᠢᠯ ᠢ ᠡᠵᠡᠩᠨᠡᠬᠦ ᠨᠢ ᠡᠷᠬᠡᠪᠰᠢ ᠲᠤᠰ ᠬᠠᠤᠯᠢ ᠶᠢᠨ ᠶᠣᠰᠣᠭᠠᠷ ᠪᠠᠶᠢᠭᠤᠯᠤᠭᠰᠠᠨ ᠳᠠᠭᠠᠳᠬᠠᠯ ᠤᠨ ᠺᠤᠮᠫᠠᠨᠢ ᠪᠠᠶᠢᠬᠤ ᠬᠡᠷᠡᠭᠲᠡᠶ᠃        ᠪᠤᠰᠤᠳ ᠨᠢᠭᠡᠴᠡ ᠪᠠ ᠬᠤᠪᠢ ᠬᠥᠮᠦᠨ ᠬᠤᠳᠠᠯᠳᠤᠭᠠᠨ ᠤ ᠳᠠᠭᠠᠳᠬᠠᠯ ᠤᠨ ᠲᠤᠬᠠᠶᠢᠯᠠᠭᠰᠠᠨ ᠠᠵᠢᠯ ᠡᠵᠡᠩᠨᠡᠵᠦ ᠪᠣᠯᠬᠤ ᠦᠭᠡᠶ᠃        ᠵᠢᠷᠭᠤᠳᠤᠭᠠᠷ ᠵᠦᠢᠯ    ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠤᠲᠤᠭ ᠳᠡᠪᠢᠰᠬᠡᠷ ᠳᠡᠭᠡᠷᠡᠬᠢ ᠬᠠᠤᠯᠢ ᠶᠢᠨ ᠬᠥᠮᠦᠨ ᠪᠠ ᠪᠤᠰᠤᠳ ᠵᠣᠬᠢᠶᠠᠨ ᠪᠠᠶᠢᠭᠤᠯᠤᠯᠲᠠ ᠬᠢᠯᠢ ᠶᠢᠨ ᠳᠣᠲᠣᠷ᠎ᠠ ᠳᠠᠭᠠᠳᠬᠠᠯ ᠬᠢᠯᠭᠡᠬᠦ ᠴᠢᠬᠤᠯᠠ ᠲᠠᠢ ᠪᠣᠯ ᠪᠦᠭᠦᠳᠡ ᠨᠠᠶᠢᠷᠠᠮᠳᠠᠬᠤ ᠠᠷᠠᠳ ᠤᠯᠤᠰ ᠤᠨ ᠬᠢᠯᠢ ᠶᠢᠨ ᠳᠣᠲᠣᠷᠠᠬᠢ ᠳᠠᠭᠠᠳᠬᠠᠯ ᠤᠨ  ᠺᠤᠮᠫᠠᠨᠢ ᠳᠤ ᠳᠠᠭᠠᠳᠬᠠᠭᠤᠯᠬᠤ ᠬᠡᠷᠡᠭᠲᠡᠶ᠃        ᠳᠣᠯᠣᠳᠤᠭᠠᠷ ᠵᠦᠢᠯ    ᠳᠠᠭᠠᠳᠬᠠᠯ ᠤᠨ ᠺᠤᠮᠫᠠᠨᠢ ᠲᠤᠬᠠᠶᠢᠯᠠᠭᠰᠠᠨ ᠠᠵᠢᠯ ᠢᠶᠠᠨ ᠥᠷᠨᠢᠭᠦᠯᠬᠦ ᠳᠡᠭᠡᠨ ᠭᠤᠤᠯᠴᠢ ᠪᠠᠷ ᠥᠷᠢᠰᠥᠯᠳᠦᠬᠦ ᠵᠠᠷᠴᠢᠮ ᠢ ᠵᠢᠷᠤᠮᠯᠠᠬᠤ ᠬᠡᠷᠡᠭᠲᠡᠶ᠂ ᠵᠦᠢ ᠪᠤᠰᠤ ᠥᠷᠢᠰᠥᠯᠳᠦᠬᠦ ᠠᠵᠢᠯᠯᠠᠭ᠎ᠠ ᠬᠢᠵᠦ ᠪᠣᠯᠬᠤ ᠦᠭᠡᠶ᠃        ᠨᠠᠢᠮᠠᠳᠤᠭᠠᠷ ᠵᠦᠢᠯ    ᠲᠥᠷᠥ ᠶᠢᠨ ᠶᠠᠪᠤᠳᠠᠯ ᠤᠨ ᠬᠤᠷᠢᠶᠠᠨ ᠤ ᠮᠥᠩᠭᠦᠨ ᠭᠦᠢᠯᠭᠡᠭᠡᠨ ᠤ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠲᠤᠰ ᠬᠠᠤᠯᠢ ᠶᠢ ᠵᠢᠷᠤᠮᠯᠠᠨ ᠳᠠᠭᠠᠳᠬᠠᠯ ᠤᠨ ᠠᠵᠢᠯ ᠳᠤ ᠬᠢᠨᠠᠯᠲᠠ ᠬᠠᠮᠢᠶᠠᠷᠤᠯᠲᠠ ᠶᠠᠪᠤᠭᠤᠯᠤᠨ᠎ᠠ᠃        ᠬᠤᠶᠠᠳᠤᠭᠠᠷ ᠪᠦᠯᠦᠭ    ᠳᠠᠭᠠᠳᠬᠠᠯ ᠤᠨ ᠭᠡᠷ᠎ᠡ        ᠨᠢᠭᠡᠳᠦᠭᠡᠷ ᠬᠡᠰᠡᠭ    ᠡᠩ ᠤᠨ ᠲᠣᠭᠲᠠᠭᠠᠯ           ᠶᠢᠰᠦᠳᠦᠭᠡᠷ ᠵᠦᠢᠯ    ᠳᠠᠭᠠᠳᠬᠠᠯ ᠤᠨ ᠭᠡᠷ᠎ᠡ ᠪᠣᠯ ᠳᠠᠭᠠᠳᠬᠠᠭᠤᠯᠤᠭᠴᠢ ᠬᠢᠭᠡᠳ ᠳᠠᠭᠠᠳᠬᠠᠭᠴᠢ ᠶᠢᠨ ᠳᠠᠭᠠᠳᠬᠠᠯ ᠤᠨ ᠡᠷᠬᠡ ᠡᠭᠦᠷᠭᠡ ᠶᠢᠨ ᠬᠠᠷᠢᠴᠠᠭ᠎ᠠ ᠶᠢ ᠬᠡᠯᠡᠯᠴᠡᠨ ᠲᠣᠭᠲᠠᠭᠰᠠᠨ ᠬᠡᠯᠡᠯᠴᠡᠭᠡᠷ ᠪᠣᠯᠤᠨ᠎ᠠ᠃        ᠳᠠᠭᠠᠳᠬᠠᠭᠤᠯᠤᠭᠴᠢ ᠭᠡᠳᠡᠭ ᠨᠢ ᠳᠠᠭᠠᠳᠬᠠᠭᠴᠢ ᠲᠠᠢ ᠳᠠᠭᠠᠳᠬᠠᠯ ᠤᠨ ᠭᠡᠷ᠎ᠡ ᠲᠤᠭᠲᠠᠬᠤ ᠶᠢᠨ ᠬᠠᠮᠲᠤ ᠳᠠᠭᠠᠳᠬᠠᠯ ᠤᠨ ᠭᠡᠷ᠎ᠡ ᠶᠣᠰᠣᠭᠠᠷ ᠳᠠᠭᠠᠳᠬᠠᠯ ᠤᠨ ᠵᠠᠷᠤᠳᠠᠯ ᠲᠤᠰᠢᠶᠠᠬᠤ ᠡᠭᠦᠷᠭᠡ ᠲᠠᠢ ᠬᠥᠮᠦᠨ ᠢ ᠬᠡᠯᠡᠵᠦ ᠪᠠᠶᠢᠨ᠎ᠠ᠃        ᠳᠠᠭᠠᠳᠬᠠᠭᠴᠢ ᠭᠡᠳᠡᠭ ᠨᠢ ᠳᠠᠭᠠᠳᠬᠠᠭᠤᠯᠤᠭᠴᠢ ᠲᠠᠢ ᠳᠠᠭᠠᠳᠬᠠᠯ ᠤᠨ ᠭᠡᠷ᠎ᠡ ᠲᠣᠭᠲᠠᠬᠤ ᠶᠢᠨ ᠬᠠᠮᠲᠤ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠬᠠᠷᠢᠭᠤᠴᠠᠯᠭ᠎ᠠ ᠶᠢ ᠡᠭᠦᠷᠭᠡᠯᠡᠭᠰᠡᠨ ᠳᠠᠭᠠᠳᠬᠠᠯ ᠤᠨ ᠺᠤᠮᠫᠠᠨᠢ ᠪᠣᠯᠤᠨ᠎ᠠ᠃        ᠠᠷᠪᠠᠳᠤᠭᠠᠷ ᠵᠦᠢᠯ    ᠳᠠᠭᠠᠳᠬᠠᠭᠤᠯᠤᠭᠴᠢ ᠬᠢᠭᠡᠳ ᠳᠠᠭᠠᠳᠬᠠᠭᠴᠢ ᠳᠠᠭᠠᠳᠬᠠᠯ ᠤᠨ ᠭᠡᠷ᠎ᠡ ᠲᠣᠭᠲᠠᠭᠠᠬᠤ ᠳᠠᠭᠠᠨ ᠭᠤᠤᠯᠴᠢ ᠪᠥᠭᠡᠳ ᠬᠠᠷᠢᠯᠴᠠᠨ ᠠᠰᠢᠭᠲᠠᠶ ᠪᠠᠶᠢᠬᠤ᠂ ᠵᠥᠪᠳᠡᠯᠴᠡᠨ ᠰᠠᠨᠠᠯ ᠨᠢᠭᠡᠳᠬᠦ᠂ ᠰᠠᠶᠢᠨ ᠳᠤᠷ᠎ᠠ ᠠᠴᠠ ᠪᠠᠨ ᠲᠣᠭᠲᠠᠭᠠᠬᠤ ᠵᠠᠷᠴᠢᠮ ᠢ ᠵᠢᠷᠤᠮᠯᠠᠬᠤ ᠬᠡᠷᠡᠭᠲᠡᠶ᠂ ᠨᠡᠶᠢᠭᠡᠮ ᠨᠡᠶᠢᠲᠡ ᠶᠢᠨ ᠠᠰᠢᠭ ᠲᠤᠰᠠ ᠶᠢ ᠬᠤᠬᠢᠷᠠᠭᠤᠯᠵᠤ ᠪᠣᠯᠬᠤ ᠦᠭᠡᠶ᠃        ᠬᠠᠤᠯᠢ ᠴᠠᠭᠠᠵᠠ᠂ ᠵᠠᠰᠠᠭ ᠵᠠᠬᠢᠷᠭᠠᠨ ᠤ ᠬᠠᠤᠯᠢ ᠲᠣᠭᠲᠠᠭᠠᠯ ᠳᠤ ᠡᠷᠬᠡᠪᠰᠢ ᠳᠠᠭᠠᠳᠬᠠᠭᠤᠯᠬᠤ ᠬᠡᠷᠡᠭᠲᠡᠶ ᠭᠡᠵᠦ ᠲᠣᠭᠲᠠᠭᠠᠭᠰᠠᠨ ᠢ ᠭᠠᠷᠭᠠᠪᠠᠯ᠂ ᠳᠠᠭᠠᠳᠬᠠᠯ ᠤᠨ ᠺᠤᠮᠫᠠᠨᠢ ᠪᠣᠯᠤᠨ ᠪᠤᠰᠤᠳ ᠨᠢᠭᠡᠴᠡ ᠪᠤᠰᠤᠳ ᠢ ᠠᠯᠪᠠᠳᠠᠨ ᠳᠠᠭᠠᠳᠬᠠᠯ ᠤᠨ ᠭᠡᠷ᠎ᠡ ᠲᠣᠭᠲᠠᠭᠠᠯᠭᠠᠵᠤ ᠪᠣᠯᠬᠤ ᠦᠭᠡᠶ᠃        ᠠᠷᠪᠠᠨ ᠨᠢᠭᠡᠳᠦᠭᠡᠷ ᠵᠦᠢᠯ    ᠳᠠᠭᠠᠳᠬᠠᠭᠤᠯᠤᠭᠴᠢ ᠨᠢ ᠳᠠᠭᠠᠳᠬᠠᠯ ᠤᠨ ᠠᠰᠢᠭ ᠲᠤᠰᠠ ᠲᠠᠢ ᠪᠠᠶᠢᠬᠤ ᠬᠡᠷᠡᠭᠲᠡᠶ᠃        ᠳᠠᠭᠠᠳᠬᠠᠭᠤᠯᠤᠭᠴᠢ ᠨᠢ ᠳᠠᠭᠠᠳᠬᠠᠯ ᠤᠨ ᠠᠰᠢᠭ ᠲᠤᠰᠠ ᠦᠭᠡᠶ ᠪᠣᠯ ᠳᠠᠭᠠᠳᠬᠠᠯ ᠤᠨ ᠭᠡᠷ᠎ᠡ ᠨᠢ ᠬᠦᠴᠦᠨ ᠦᠭᠡᠶ᠃        ᠳᠠᠭᠠᠳᠬᠠᠯ ᠤᠨ ᠠᠰᠢᠭ ᠲᠤᠰᠠ ᠭᠡᠳᠡᠭ ᠨᠢ ᠳᠠᠭᠠᠳᠬᠠᠭᠤᠯᠤᠭᠴᠢ ᠳᠠᠭᠠᠳᠬᠠᠯ ᠳᠠᠭᠠᠨ ᠬᠠᠤᠯᠢ ᠳᠡᠭᠡᠷ᠎ᠡ ᠮᠡᠳᠡᠷᠡᠬᠦ ᠠᠰᠢᠭ ᠲᠤᠰᠠ ᠲᠠᠢ ᠪᠠᠶᠢᠬᠤ ᠶᠢ ᠬᠡᠯᠡᠵᠦ ᠪᠠᠶᠢᠨ᠎ᠠ᠃        ᠳᠠᠭᠠᠳᠬᠠᠯ ᠭᠡᠳᠡᠭ ᠨᠢ ᠳᠠᠭᠠᠳᠬᠠᠭᠤᠯᠬᠤ ᠡᠲᠡᠭᠡᠳ ᠪᠣᠯᠬᠤ ᠡᠳ᠋ ᠬᠥᠷᠥᠩᠭᠡ ᠬᠢᠭᠡᠳ ᠬᠤᠯᠪᠣᠭᠳᠠᠯ ᠪᠦᠬᠦᠢ ᠠᠰᠢᠭ ᠲᠤᠰᠠ ᠪᠤᠶᠤ ᠬᠥᠮᠦᠨ ᠤ ᠠᠮᠢ ᠨᠠᠰᠤ ᠪᠣᠯᠤᠨ ᠪᠡᠶ᠎ᠡ ᠮᠠᠬᠠᠪᠣᠳ ᠢ ᠬᠡᠯᠡᠵᠦ ᠪᠠᠶᠢᠨ᠎ᠠ᠃        ᠠᠷᠪᠠᠨ ᠬᠤᠶᠠᠳᠤᠭᠠᠷ ᠵᠦᠢᠯ    ᠳᠠᠭᠠᠳᠬᠠᠭᠤᠯᠤᠭᠴᠢ ᠳᠠᠭᠠᠳᠬᠠᠭᠤᠯᠬᠤ ᠱᠠᠭᠠᠷᠳᠠᠯᠭ᠎ᠠ ᠳᠤᠷᠠᠳᠴᠤ᠂ ᠳᠠᠭᠠᠳᠬᠠᠭᠴᠢ ᠳᠠᠭᠠᠳᠬᠠᠭᠤᠯᠬᠤ ᠶᠢ ᠬᠦᠯᠢᠶᠡᠨ ᠠᠪᠬᠤ ᠪᠠᠷ ᠵᠥᠪᠰᠢᠶᠡᠷᠡᠬᠦ ᠶᠢᠨ ᠬᠠᠮᠲᠤ ᠭᠡᠷ᠎ᠡ ᠶᠢᠨ ᠵᠦᠢᠯ ᠪᠠᠳᠠᠭ ᠢᠶᠠᠨ ᠵᠥᠪᠳᠡᠯᠴᠡᠨ ᠲᠣᠭᠲᠠᠭᠠᠪᠠᠯ ᠳᠠᠭᠠᠳᠬᠠᠯ ᠤᠨ ᠭᠡᠷ᠎ᠡ ᠲᠣᠭᠲᠠᠭᠰᠠᠨ ᠶᠠᠪᠤᠳᠠᠯ ᠪᠣᠯᠤᠨ᠎ᠠ᠃        ᠳᠠᠭᠠᠳᠬᠠᠭᠴᠢ ᠴᠠᠭ ᠲᠤᠬᠠᠶ ᠳᠤᠨᠢ ᠳᠠᠭᠠᠳᠬᠠᠭᠤᠯᠤᠭᠴᠢ ᠳᠤ ᠳᠠᠭᠠᠳᠬᠠᠯ ᠤᠨ ᠬᠠᠭᠤᠳᠠᠰᠤ ᠪᠤᠶᠤ ᠳᠠᠭᠠᠳᠬᠠᠯ ᠤᠨ ᠪᠤᠰᠤᠳ ᠭᠡᠷᠡᠴᠢ ᠳᠡᠮᠳᠡᠭ ᠲᠤ ᠭᠠᠷ ᠤᠨ ᠦᠰᠦᠭ ᠵᠢᠷᠳ ᠣᠯᠭᠤᠬᠤ ᠬᠡᠷᠡᠭᠲᠡᠶ ᠪᠥᠭᠡᠳ ᠳᠠᠭᠠᠳᠬᠠᠯ ᠤᠨ ᠬᠠᠭᠤᠳᠠᠰᠤ ᠪᠤᠶᠤ ᠳᠠᠭᠠᠳᠬᠠᠯ ᠤᠨ ᠪᠤᠰᠤᠳ ᠭᠡᠷᠡᠴᠢ ᠳᠡᠮᠳᠡᠭ ᠳᠡᠭᠡᠷ᠎ᠡ ᠬᠤᠶᠠᠷ ᠡᠲᠡᠭᠡᠳ ᠤᠨ ᠲᠤᠬᠠᠶ ᠶᠢᠨ ᠬᠥᠮᠦᠨ ᠤ ᠬᠡᠯᠡᠯᠴᠡᠨ ᠲᠣᠭᠲᠠᠭᠠᠭᠰᠠᠨ ᠭᠡᠷ᠎ᠡ ᠶᠢᠨ ᠠᠭᠤᠯᠭ᠎ᠠ ᠶᠢ ᠲᠡᠮᠳᠡᠭᠯᠡᠭᠰᠡᠨ ᠪᠠᠶᠢᠬᠤ ᠬᠡᠷᠡᠭᠲᠡᠶ᠃        ᠳᠠᠭᠠᠳᠬᠠᠭᠤᠯᠤᠭᠴᠢ ᠪᠣᠯᠤᠨ ᠳᠠᠭᠠᠳᠬᠠᠭᠴᠢ ᠵᠥᠪᠳᠡᠯᠴᠡᠨ ᠵᠥᠪᠰᠢᠶᠡᠷᠡᠭᠰᠡᠨ ᠪᠠᠶᠢᠪᠠᠯ᠂ ᠡᠮᠦᠨᠡᠬᠢ ᠪᠠᠳᠠᠭ ᠤᠨ ᠲᠣᠭᠲᠠᠭᠠᠯ ᠠᠴᠠ ᠭᠠᠳᠠᠨ᠎ᠠ ᠪᠤᠰᠤᠳ ᠪᠢᠴᠢᠭ ᠬᠡᠯᠡᠯᠴᠡᠭᠡᠷ ᠤᠨ ᠬᠡᠯᠪᠡᠷᠢ ᠪᠠᠷ ᠳᠠᠭᠠᠳᠬᠠᠯ ᠤᠨ ᠭᠡᠷ᠎ᠡ ᠲᠣᠭᠲᠠᠭᠠᠭᠰᠠᠨ ᠴᠤ ᠪᠣᠯᠤᠨ᠎ᠠ᠃        ᠠᠷᠪᠠᠨ ᠭᠤᠷᠪᠠᠳᠤᠭᠠᠷ ᠵᠦᠢᠯ    ᠳᠠᠭᠠᠳᠬᠠᠯ ᠤᠨ ᠭᠡᠷ᠎ᠡ ᠲᠣᠭᠲᠠᠭᠠᠭᠰᠠᠨ ᠤ ᠳᠠᠷᠠᠭ᠎ᠠ᠂ ᠳᠠᠭᠠᠳᠬᠠᠭᠴᠢ ᠬᠡᠯᠡᠯᠴᠡᠵᠦ ᠲᠣᠭᠲᠠᠭᠰᠠᠨ ᠶᠣᠰᠣᠭᠠᠷ ᠳᠠᠭᠠᠳᠬᠠᠯ ᠤᠨ ᠵᠠᠷᠤᠳᠠᠯ ᠲᠤᠰᠢᠶᠠᠨ᠎ᠠ︔ ᠳᠠᠭᠠᠳᠬᠠᠭᠴᠢ ᠬᠡᠯᠡᠯᠴᠡᠨ ᠲᠣᠭᠲᠠᠭᠠᠭᠰᠠᠨ ᠴᠠᠭ ᠬᠤᠭᠤᠴᠠᠭ᠎ᠠ ᠶᠣᠰᠣᠭᠠᠷ ᠳᠠᠭᠠᠳᠬᠠᠯ ᠤᠨ ᠬᠠᠷᠢᠭᠤᠴᠠᠯᠭ᠎ᠠ ᠶᠢ ᠡᠬᠢᠯᠡᠵᠦ ᠡᠭᠦᠷᠭᠡᠯᠡᠨ᠎ᠡ᠃        ᠠᠷᠪᠠᠨ ᠳᠥᠷᠪᠡᠳᠦᠭᠡᠷ ᠵᠦᠢᠯ    ᠲᠤᠰ ᠬᠠᠤᠯᠢ ᠳᠤ ᠠᠰᠲᠠᠭᠠᠨ ᠲᠣᠭᠲᠠᠭᠠᠯ ᠲᠠᠢ ᠪᠤᠶᠤ ᠳᠠᠭᠠᠳᠬᠠᠯ ᠤᠨ ᠭᠡᠷ᠎ᠡ ᠳᠤ ᠠᠰᠲᠠᠭᠠᠨ ᠬᠡᠯᠡᠯᠴᠡᠨ ᠲᠣᠭᠲᠠᠭᠠᠭᠰᠠᠨ ᠵᠦᠢᠯ ᠲᠠᠢ ᠶᠢ ᠭᠠᠷᠭᠠᠪᠠᠯ᠂ ᠳᠠᠭᠠᠳᠬᠠᠯ ᠤᠨ ᠭᠡᠷ᠎ᠡ ᠶᠢ ᠲᠣᠭᠲᠠᠭᠠᠭᠰᠠᠨ ᠤ ᠳᠠᠷᠠᠭ᠎ᠠ᠂ ᠳᠠᠭᠠᠳᠬᠠᠭᠤᠯᠤᠭᠴᠢ ᠳᠠᠭᠠᠳᠬᠠᠯ ᠤᠨ ᠭᠡᠷ᠎ᠡ ᠪᠠᠨ ᠬᠦᠴᠦᠨ ᠦᠭᠡᠶ ᠪᠣᠯᠭᠠᠵᠤ ᠪᠣᠯᠤᠨ᠎ᠠ᠃        ᠠᠷᠪᠠᠨ ᠲᠠᠪᠤᠳᠤᠭᠠᠷ ᠵᠦᠢᠯ    ᠲᠤᠰ ᠬᠠᠤᠯᠢ ᠳᠤ ᠠᠰᠲᠠᠭᠠᠨ ᠲᠣᠭᠲᠠᠭᠠᠯ ᠲᠠᠢ ᠪᠤᠶᠤ ᠳᠠᠭᠠᠳᠬᠠᠯ ᠤᠨ ᠭᠡᠷ᠎ᠡ ᠳᠤ ᠠᠰᠲᠠᠭᠠᠨ ᠬᠡᠯᠡᠯᠴᠡᠨ ᠲᠣᠭᠲᠠᠭᠠᠭᠰᠠᠨ ᠵᠦᠢᠯ ᠲᠠᠢ ᠶᠢ ᠭᠠᠷᠭᠠᠪᠠᠯ᠂ ᠳᠠᠭᠠᠳᠬᠠᠯ ᠤᠨ ᠭᠡᠷ᠎ᠡ ᠶᠢ ᠲᠣᠭᠲᠠᠭᠠᠭᠰᠠᠨ ᠤ ᠳᠠᠷᠠᠭ᠎ᠠ᠂ ᠳᠠᠭᠠᠳᠬᠠᠭᠴᠢ ᠳᠠᠭᠠᠳᠬᠠᠯ ᠤᠨ ᠭᠡᠷ᠎ᠡ ᠶᠢ ᠬᠦᠴᠦᠨ ᠦᠭᠡᠶ ᠪᠣᠯᠭᠠᠵᠤ ᠪᠣᠯᠬᠤ ᠦᠭᠡᠶ᠃        ᠠᠷᠪᠠᠨ ᠵᠢᠷᠭᠤᠳᠤᠭᠠᠷ ᠵᠦᠢᠯ    ᠳᠠᠭᠠᠳᠬᠠᠯ ᠤᠨ ᠭᠡᠷ᠎ᠡ ᠲᠣᠭᠲᠠᠭᠠᠪᠠᠯ᠂ ᠳᠠᠭᠠᠳᠬᠠᠭᠴᠢ ᠠᠴᠠ ᠳᠠᠭᠠᠳᠬᠠᠭᠤᠯᠤᠭᠴᠢ ᠳᠤ ᠳᠠᠭᠠᠳᠬᠠᠯ ᠤᠨ ᠭᠡᠷ᠎ᠡ ᠶᠢᠨ ᠵᠦᠢᠯ ᠪᠠᠳᠠᠭ ᠤᠨ ᠠᠭᠤᠯᠭ᠎ᠠ ᠶᠢ ᠲᠣᠳᠣᠷᠬᠠᠶᠢᠯᠠᠵᠤ ᠥᠭᠬᠦ ᠶᠢᠨ ᠬᠠᠮᠲᠤ᠂ ᠳᠠᠭᠠᠳᠬᠠᠭᠳᠠᠭᠴᠢ ᠪᠤᠶᠤ ᠳᠠᠭᠠᠳᠬᠠᠭᠳᠠᠭᠴᠢ ᠶᠢᠨ ᠬᠤᠯᠪᠣᠭᠳᠠᠯ ᠪᠦᠬᠦᠢ ᠪᠠᠶᠢᠳᠠᠯ ᠢ ᠯᠠᠪᠯᠠᠨ ᠠᠰᠠᠭᠤᠵᠤ ᠪᠣᠯᠬᠤ ᠪᠥᠭᠡᠳ ᠳᠠᠭᠠᠳᠬᠠᠭᠤᠯᠤᠭᠴᠢ ᠦᠨᠡᠨ ᠮᠥᠨ ᠢᠶᠠᠷ ᠨᠢ ᠬᠡᠯᠡᠵᠦ ᠥᠭᠬᠦ ᠬᠡᠷᠡᠭᠲᠡᠶ᠃        ᠳᠠᠭᠠᠳᠬᠠᠭᠳᠠᠭᠴᠢ ᠵᠣᠷᠢᠭᠤᠳᠠ ᠪᠣᠳᠠᠲᠤ ᠬᠡᠷᠡᠭ ᠢ ᠨᠢᠭᠤᠨ ᠳᠠᠯᠳᠠᠯᠠᠵᠤ᠂ ᠦᠨᠡᠨ ᠮᠥᠨ ᠢᠶᠠᠷ ᠨᠢ ᠬᠡᠯᠡᠵᠦ ᠥᠭᠬᠦ ᠡᠭᠦᠷᠭᠡ ᠪᠠᠨ ᠭᠦᠢᠴᠡᠳᠬᠡᠭᠰᠡᠨ ᠦᠭᠡᠶ᠂ ᠡᠰᠡᠬᠦᠯ᠎ᠡ ᠠᠳᠡᠯ ᠠᠴᠠ ᠪᠣᠯᠣᠭᠠᠳ ᠦᠨᠡᠨ ᠮᠥᠨ ᠢᠶᠠᠷ ᠨᠢ ᠬᠡᠯᠡᠵᠦ ᠥᠭᠬᠦ ᠡᠭᠦᠷᠭᠡ ᠪᠠᠨ ᠡᠰᠡ ᠭᠦᠢᠴᠡᠳᠬᠡᠭᠰᠡᠨ ᠠᠴᠠ ᠪᠣᠯᠵᠤ᠂ ᠳᠠᠭᠠᠳᠬᠠᠭᠴᠢ ᠶᠢᠨ ᠳᠠᠭᠠᠳᠬᠠᠬᠤ ᠶᠢ ᠬᠦᠯᠢᠶᠡᠨ ᠠᠪᠬᠤ ᠶᠢ ᠵᠥᠪᠰᠢᠶᠡᠷᠡᠬᠦ ᠡᠰᠡᠬᠦ ᠪᠤᠶᠤ ᠳᠠᠭᠠᠳᠬᠠᠯ ᠤᠨ ᠨᠣᠷᠮ᠎ᠠ ᠶᠢ ᠥᠰᠬᠡᠬᠦ ᠡᠰᠡᠬᠦ ᠶᠢ ᠲᠣᠭᠲᠠᠭᠠᠬᠤ ᠶᠠᠪᠤᠳᠠᠯ ᠢ ᠭᠦᠢᠴᠡᠳ ᠨᠥᠯᠥᠭᠡᠯᠡᠭᠰᠡᠨ ᠪᠠᠶᠢᠪᠠᠯ ᠳᠠᠭᠠᠳᠬᠠᠭᠴᠢ ᠠᠴᠠ ᠳᠠᠭᠠᠳᠬᠠᠯ ᠤᠨ ᠭᠡᠷ᠎ᠡ ᠶᠢ ᠬᠦᠴᠦᠨ ᠦᠭᠡᠶ ᠪᠣᠯᠭᠠᠬᠤ ᠡᠷᠬᠡ ᠲᠠᠢ᠃        ᠳᠠᠭᠠᠳᠬᠠᠭᠤᠯᠤᠭᠴᠢ ᠪᠠᠶᠢᠳᠠᠯ ᠢ ᠦᠨᠡᠨ ᠮᠥᠨ ᠢᠶᠠᠷ ᠨᠢ ᠬᠡᠯᠡᠵᠦ ᠥᠭᠬᠦ ᠡᠭᠦᠷᠭᠡ ᠪᠠᠨ ᠵᠣᠷᠢᠭᠤᠳᠠ ᠭᠦᠢᠴᠡᠳᠬᠡᠭᠰᠡᠨ ᠦᠭᠡᠶ ᠪᠣᠯ ᠳᠠᠭᠠᠳᠬᠠᠭᠴᠢ ᠠᠴᠠ ᠳᠠᠭᠠᠳᠬᠠᠯ ᠤᠨ ᠭᠡᠷ᠎ᠡ ᠶᠢ ᠬᠦᠴᠦᠨ ᠦᠭᠡᠶ ᠪᠣᠯᠭᠠᠬᠤ ᠠᠴᠠ ᠡᠮᠦᠨ᠎ᠡ ᠭᠠᠷᠤᠭᠰᠠᠨ ᠳᠠᠭᠠᠳᠬᠠᠯ ᠤᠨ ᠠᠳᠡᠯ ᠳᠤ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠬᠠᠷᠢᠭᠤᠴᠠᠯᠭ᠎ᠠ ᠡᠭᠦᠷᠭᠡᠯᠡᠬᠦ ᠦᠭᠡᠶ ᠪᠥᠭᠡᠳ ᠳᠠᠭᠠᠳᠬᠠᠯ ᠤᠨ ᠵᠠᠷᠤᠳᠠᠯ ᠢ ᠨᠢ ᠪᠤᠴᠠᠭᠠᠵᠤ ᠥᠭᠬᠦ ᠦᠭᠡᠶ᠃        ᠳᠠᠭᠠᠳᠬᠠᠭᠤᠯᠤᠭᠴᠢ ᠠᠳᠡᠯ ᠠᠴᠠ ᠪᠣᠯᠣᠭᠠᠳ ᠪᠠᠶᠢᠳᠠᠯ ᠢᠶᠠᠨ ᠦᠨᠡᠨ ᠮᠥᠨ ᠢᠶᠠᠷ ᠨᠢ ᠬᠡᠯᠡᠵᠦ ᠥᠭᠬᠦ ᠡᠭᠦᠷᠭᠡ ᠪᠠᠨ ᠡᠰᠡ ᠭᠦᠢᠴᠡᠳᠬᠡᠵᠦ᠂ ᠳᠠᠭᠠᠳᠬᠠᠯ ᠤᠨ ᠠᠳᠡᠯ ᠭᠠᠷᠬᠤ ᠳᠤ ᠬᠦᠨᠳᠦ ᠨᠣᠴᠢᠲᠠᠶ ᠨᠥᠯᠥᠭᠡ ᠪᠣᠯᠤᠭᠰᠠᠨ ᠪᠠᠶᠢᠪᠠᠯ᠂ ᠳᠠᠭᠠᠳᠬᠠᠭᠴᠢ ᠠᠴᠠ ᠳᠠᠭᠠᠳᠬᠠᠯ ᠤᠨ ᠭᠡᠷ᠎ᠡ ᠶᠢ ᠬᠦᠴᠦᠨ ᠦᠭᠡᠶ ᠪᠣᠯᠭᠠᠬᠤ ᠠᠴᠠ ᠡᠮᠦᠨ᠎ᠡ ᠭᠠᠷᠤᠭᠰᠠᠨ ᠳᠠᠭᠠᠳᠬᠠᠯ ᠤᠨ ᠠᠳᠡᠯ ᠳᠤ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠬᠠᠷᠢᠭᠤᠴᠠᠯᠭ᠎ᠠ ᠡᠭᠦᠷᠭᠡᠯᠡᠬᠦ ᠦᠭᠡᠶ᠂ ᠭᠡᠪᠡᠴᠦ ᠳᠠᠭᠠᠳᠬᠠᠯ ᠤᠨ ᠵᠠᠷᠤᠳᠠᠯ ᠢ ᠨᠢ ᠪᠤᠴᠠᠭᠠᠨ ᠥᠭᠴᠦ ᠪᠣᠯᠤᠨ᠎ᠠ᠃        ᠳᠠᠭᠠᠳᠬᠠᠯ ᠤᠨ ᠠᠳᠡᠯ ᠭᠡᠳᠡᠭ ᠨᠢ ᠳᠠᠭᠠᠳᠬᠠᠯ ᠤᠨ ᠭᠡᠷ᠎ᠡ ᠳᠤ ᠬᠡᠯᠡᠯᠴᠡᠨ ᠲᠤᠭᠲᠠᠭᠠᠭᠰᠠᠨ ᠳᠠᠭᠠᠳᠬᠠᠯ ᠤᠨ ᠬᠠᠷᠢᠭᠤᠴᠠᠯᠭ᠎ᠠ ᠶᠢᠨ ᠬᠡᠪᠴᠢᠶᠡᠨ ᠳᠠᠬᠢ ᠠᠳᠡᠯ ᠢ ᠬᠡᠯᠡᠵᠦ ᠪᠠᠶᠢᠨ᠎ᠠ᠃        ᠠᠷᠪᠠᠨ ᠳᠣᠯᠣᠳᠤᠭᠠᠷ ᠵᠦᠢᠯ    ᠭᠡᠷ᠎ᠡ ᠳᠤ ᠲᠣᠭᠲᠠᠭᠠᠭᠰᠠᠨ ᠳᠠᠭᠠᠳᠬᠠᠭᠴᠢ ᠶᠢ ᠬᠠᠷᠢᠭᠤᠴᠠᠯᠭ᠎ᠠ ᠠᠴᠠ ᠬᠡᠯᠲᠦᠷᠢᠭᠦᠯᠬᠦ ᠲᠤᠬᠠᠶ ᠵᠦᠢᠯ ᠪᠠᠳᠠᠭ ᠢ ᠳᠠᠭᠠᠳᠬᠠᠭᠴᠢ ᠨᠢ ᠳᠠᠭᠠᠳᠬᠠᠯ ᠤᠨ ᠭᠡᠷ᠎ᠡ ᠲᠣᠭᠲᠠᠭᠠᠬᠤ ᠳᠠᠭᠠᠨ ᠳᠠᠭᠠᠳᠬᠠᠭᠤᠯᠤᠭᠴᠢ ᠳᠤ ᠲᠣᠳᠣᠷᠬᠠᠶᠢᠯᠠᠨ ᠲᠠᠶᠢᠯᠪᠤᠷᠢᠯᠠᠵᠤ ᠥᠭᠬᠦ ᠬᠡᠷᠡᠭᠲᠡᠶ᠂ ᠲᠣᠳᠣᠷᠬᠠᠶᠢᠯᠠᠨ ᠲᠠᠶᠢᠯᠪᠤᠷᠢᠯᠠᠵᠤ ᠥᠭᠭᠦᠭᠰᠡᠨ ᠦᠭᠡᠶ ᠪᠠᠶᠢᠪᠠᠯ ᠲᠤᠰ ᠵᠦᠢᠯ ᠪᠠᠳᠠᠭ ᠬᠦᠴᠦᠨ ᠦᠭᠡᠶ ᠪᠣᠯᠤᠨ᠎ᠠ᠃        ᠠᠷᠪᠠᠨ ᠨᠠᠢᠮᠠᠳᠤᠭᠠᠷ ᠵᠦᠢᠯ    ᠳᠠᠭᠠᠳᠬᠠᠯ ᠤᠨ ᠭᠡᠷ᠎ᠡ ᠳᠤ ᠳᠣᠤᠷᠠᠬᠢ ᠵᠦᠢᠯ ᠤᠳ ᠨᠢ ᠪᠠᠭᠲᠠᠭᠠᠭᠰᠠᠨ ᠪᠠᠶᠢᠬᠤ ᠬᠡᠷᠡᠭᠲᠡᠶ᠄        ︵ᠨᠢᠭᠡ︶ ᠳᠠᠭᠠᠳᠬᠠᠭᠴᠢ ᠶᠢᠨ ᠨᠡᠷ᠎ᠡ ᠪᠠ ᠰᠠᠭᠤᠭ᠎ᠠ ᠭᠠᠵᠠᠷ︔        ︵ᠬᠤᠶᠠᠷ︶ ᠳᠠᠭᠠᠳᠬᠠᠭᠤᠯᠤᠭᠴᠢ ᠶᠢᠨ ᠨᠡᠷ᠎ᠡ ᠬᠢᠭᠡᠳ ᠰᠠᠭᠤᠭ᠎ᠠ ᠭᠠᠵᠠᠷ ᠵᠢᠴᠢ ᠪᠡᠶ᠎ᠡ ᠶᠢᠨ ᠳᠠᠭᠠᠳᠬᠠᠯ ᠤᠨ ᠠᠰᠢᠭ ᠬᠦᠷᠲᠡᠭᠴᠢ ᠶᠢᠨ ᠨᠡᠷ᠎ᠡ ᠬᠢᠭᠡᠳ ᠰᠠᠭᠤᠭ᠎ᠠ ᠭᠠᠵᠠᠷ︔        ︵ᠭᠤᠷᠪᠠ︶  ᠳᠠᠭᠠᠳᠬᠠᠭᠳᠠᠬᠤ ᠡᠲᠡᠭᠡᠳ︔        ︵ᠳᠥᠷᠪᠡ︶ ᠳᠠᠭᠠᠳᠬᠠᠯ ᠤᠨ ᠬᠠᠷᠢᠭᠤᠴᠠᠯᠭ᠎ᠠ ᠪᠣᠯᠤᠨ ᠬᠠᠷᠢᠭᠤᠴᠠᠯᠭ᠎ᠠ ᠠᠴᠠ ᠬᠡᠯᠲᠦᠷᠢᠭᠦᠯᠬᠦ︔        ︵ᠲᠠᠪᠤ︶ ᠳᠠᠭᠠᠳᠬᠠᠯ ᠤᠨ ᠬᠤᠭᠤᠴᠠᠭ᠎ᠠ ᠪᠠ ᠳᠠᠭᠠᠳᠬᠠᠯ ᠤᠨ ᠬᠠᠷᠢᠭᠤᠴᠠᠯᠭ᠎ᠠ ᠶᠢᠨ ᠡᠬᠢᠯᠡᠬᠦ ᠴᠠᠭ ᠬᠤᠭᠤᠴᠠᠭ᠎ᠠ︔        ︵ᠵᠢᠷᠭᠤᠭ᠎ᠠ︶ ᠳᠠᠭᠠᠳᠬᠠᠯ ᠤᠨ ᠥᠷᠲᠡᠭ︔        ︵ᠳᠣᠯᠤᠭ᠎ᠠ︶ ᠳᠠᠭᠠᠳᠬᠠᠯ ᠤᠨ ᠵᠣᠭᠤᠰ ᠤᠨ ᠲᠤᠭ᠎ᠠ︔        ︵ᠨᠠᠢᠮᠠ︶ ᠳᠠᠭᠠᠳᠬᠠᠯ ᠤᠨ ᠵᠠᠷᠤᠳᠠᠯ ᠬᠢᠭᠡᠳ ᠲᠤᠰᠢᠶᠠᠬᠤ ᠠᠷᠭ᠎ᠠ︔        ︵ᠶᠢᠰᠦ︶ ᠳᠠᠭᠠᠳᠬᠠᠯ ᠤᠨ ᠮᠥᠩᠭᠦ ᠲᠥᠯᠥᠬᠦ ᠪᠤᠶᠤ ᠥᠭᠬᠦ ᠠᠷᠭ᠎ᠠ︔        ︵ᠠᠷᠪᠠ︶ ᠬᠡᠯᠡᠯᠴᠡᠨ ᠲᠣᠭᠲᠠᠭᠰᠠᠨ ᠵᠦᠢᠯ ᠢ ᠵᠥᠷᠢᠴᠡᠭᠰᠡᠨ ᠬᠠᠷᠢᠭᠤᠴᠠᠯᠭ᠎ᠠ ᠬᠢᠭᠡᠳ ᠮᠠᠷᠭᠤᠭᠠᠨ ᠢ ᠰᠢᠢᠳᠪᠦᠷᠢᠯᠡᠬᠦ︔        ︵ᠠᠷᠪᠠᠨ ᠨᠢᠭᠡ︶ ᠭᠡᠷ᠎ᠡ ᠲᠣᠭᠲᠠᠭᠠᠭᠰᠠᠨ ᠣᠨ᠂ ᠰᠠᠷ᠎ᠠ᠂ ᠡᠳᠦᠷ᠃        ᠠᠷᠪᠠ ᠶᠢᠰᠦᠳᠦᠭᠡᠷ ᠵᠦᠢᠯ    ᠳᠠᠭᠠᠳᠬᠠᠭᠤᠯᠤᠭᠴᠢ ᠪᠣᠯᠤᠨ ᠳᠠᠭᠠᠳᠬᠠᠭᠴᠢ ᠡᠮᠦᠨᠡᠬᠢ ᠵᠦᠢᠯ ᠳᠤ ᠲᠣᠭᠲᠠᠭᠠᠭᠰᠠᠨ ᠳᠠᠭᠠᠳᠬᠠᠯ ᠤᠨ ᠭᠡᠷ᠎ᠡ ᠶᠢᠨ ᠵᠦᠢᠯ ᠠᠴᠠ ᠭᠠᠳᠠᠨ᠎ᠠ᠂ ᠳᠠᠭᠠᠳᠬᠠᠯ ᠯᠤᠭ᠎ᠠ ᠬᠤᠯᠪᠣᠭᠳᠠᠬᠤ ᠪᠤᠰᠤᠳ ᠵᠦᠢᠯ ᠢ ᠬᠡᠯᠡᠯᠴᠡᠨ ᠲᠣᠭᠲᠠᠭᠠᠵᠤ ᠪᠣᠯᠤᠨ᠎ᠠ᠃        ᠬᠤᠷᠢᠳᠤᠭᠠᠷ ᠵᠦᠢᠯ    ᠳᠠᠭᠠᠳᠬᠠᠯ ᠤᠨ ᠭᠡᠷ᠎ᠡ ᠶᠢᠨ ᠬᠦᠴᠦᠨ ᠲᠠᠢ ᠬᠤᠭᠤᠴᠠᠭᠠᠨ ᠳᠤ ᠳᠠᠭᠠᠳᠬᠠᠭᠤᠯᠤᠭᠴᠢ ᠬᠢᠭᠡᠳ ᠳᠠᠭᠠᠳᠬᠠᠭᠴᠢ ᠵᠥᠪᠳᠡᠯᠴᠡᠨ ᠵᠥᠪᠰᠢᠶᠡᠷᠡᠭᠰᠡᠨ ᠪᠣᠯ ᠳᠠᠭᠠᠳᠬᠠᠯ ᠤᠨ ᠭᠡᠷ᠎ᠡ ᠶᠢᠨ ᠬᠤᠯᠪᠣᠭᠳᠠᠯ ᠪᠦᠬᠦᠢ ᠠᠭᠤᠯᠭ᠎ᠠ ᠶᠢ ᠬᠤᠪᠢᠷᠠᠭᠤᠯᠵᠤ ᠪᠣᠯᠤᠨ᠎ᠠ᠃        ᠳᠠᠭᠠᠳᠬᠠᠯ ᠤᠨ ᠭᠡᠷ᠎ᠡ ᠶᠢ ᠬᠤᠪᠢᠷᠠᠭᠤᠯᠬᠤ ᠳᠤ ᠳᠠᠭᠠᠳᠬᠠᠭᠴᠢ ᠠᠴᠠ ᠤᠤᠯ ᠳᠠᠭᠠᠳᠬᠠᠯ ᠤᠨ ᠬᠠᠭᠤᠳᠠᠰᠤ ᠪᠤᠶᠤ ᠳᠠᠭᠠᠳᠬᠠᠯ ᠤᠨ ᠪᠤᠰᠤᠳ ᠭᠡᠷᠡᠴᠢ ᠳᠡᠮᠳᠡᠭ ᠳᠡᠭᠡᠷ᠎ᠡ ᠴᠣᠬᠤᠯᠲᠠ ᠲᠠᠶᠢᠯᠪᠤᠷᠢ ᠬᠢᠬᠦ ᠪᠤᠶᠤ ᠵᠥᠪᠰᠢᠶᠡᠷᠡᠭᠰᠡᠨ ᠬᠠᠭᠤᠳᠠᠰᠤ ᠳᠠᠭᠠᠯᠳᠤᠭᠤᠯᠤᠨ ᠨᠠᠭᠠᠬᠤ ᠬᠡᠷᠡᠭᠲᠡᠶ᠂ ᠡᠰᠡᠬᠦᠯ᠎ᠡ ᠳᠠᠭᠠᠳᠬᠠᠭᠤᠯᠤᠭᠴᠢ ᠪᠣᠯᠤᠨ ᠳᠠᠭᠠᠳᠬᠠᠭᠴᠢ ᠭᠡᠷ᠎ᠡ ᠬᠤᠪᠢᠷᠠᠭᠤᠯᠤᠭᠰᠠᠨ ᠪᠢᠴᠢᠭ ᠤᠨ ᠬᠡᠯᠡᠯᠴᠡᠭᠡᠷ ᠲᠣᠭᠲᠠᠭᠠᠬᠤ ᠬᠡᠷᠡᠭᠲᠡᠶ᠃        ᠬᠤᠷᠢᠨ ᠨᠢᠭᠡᠳᠦᠭᠡᠷ ᠵᠦᠢᠯ    ᠳᠠᠭᠠᠳᠬᠠᠭᠤᠯᠤᠭᠴᠢ᠂ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠨᠢ ᠳᠠᠭᠠᠳᠬᠠᠯ ᠤᠨ ᠠᠳᠡᠯ ᠭᠠᠷᠤᠭᠰᠠᠨ ᠢ ᠮᠡᠲᠡᠪᠡᠯ᠂ ᠳᠠᠭᠠᠳᠬᠠᠭᠴᠢ ᠳᠤ ᠴᠠᠭ ᠲᠤᠬᠠᠶ ᠳᠤᠨᠢ ᠮᠡᠳᠡᠭᠳᠡᠬᠦ ᠬᠡᠷᠡᠭᠲᠡᠶ᠃        ᠳᠠᠭᠠᠳᠬᠠᠭᠳᠠᠭᠴᠢ ᠭᠡᠳᠡᠭ ᠨᠢ ᠡᠳ᠋ ᠬᠥᠷᠥᠩᠭᠡ ᠪᠤᠶᠤ ᠪᠡᠶ᠎ᠡ ᠨᠢ ᠳᠠᠭᠠᠳᠬᠠᠯ ᠤᠨ ᠭᠡᠷ᠎ᠡ ᠪᠠᠷ ᠪᠠᠲᠤᠯᠠᠭᠳᠠᠵᠤ᠂ ᠳᠠᠭᠠᠳᠬᠠᠯ ᠤᠨ ᠮᠥᠩᠭᠦ ᠭᠤᠶᠤᠴᠢᠯᠠᠬᠤ ᠡᠷᠬᠡ ᠲᠠᠢ ᠬᠥᠮᠦᠨ ᠢ ᠬᠡᠯᠡᠵᠦ ᠪᠠᠶᠢᠨ᠎ᠠ᠂ ᠳᠠᠭᠠᠳᠬᠠᠭᠰᠠᠨ ᠡᠲᠡᠭᠡᠳ ᠨᠢ ᠳᠠᠭᠠᠳᠬᠠᠭᠳᠠᠭᠴᠢ ᠪᠣᠯᠵᠤ ᠪᠣᠯᠤᠨ᠎ᠠ᠃        ᠠᠰᠢᠭ ᠬᠦᠷᠲᠡᠭᠴᠢ ᠭᠡᠳᠡᠭ ᠨᠢ ᠪᠡᠶ᠎ᠡ ᠶᠢᠨ ᠳᠠᠭᠠᠳᠬᠠᠯ ᠤᠨ ᠭᠡᠷ᠎ᠡ ᠳᠠᠬᠢ ᠳᠠᠭᠠᠳᠬᠠᠭᠳᠠᠭᠴᠢ ᠪᠤᠶᠤ ᠳᠠᠭᠠᠳᠬᠠᠭᠤᠯᠤᠭᠴᠢ ᠠᠴᠠ ᠵᠢᠭᠠᠨ ᠲᠣᠭᠲᠠᠭᠠᠭᠰᠠᠨ ᠳᠠᠭᠠᠳᠬᠠᠯ ᠤᠨ ᠮᠥᠩᠭᠦ ᠭᠤᠶᠤᠴᠢᠯᠠᠬᠤ ᠡᠷᠬᠡ ᠲᠠᠢ ᠬᠥᠮᠦᠨ ᠢ ᠬᠡᠯᠡᠵᠦ ᠪᠠᠶᠢᠨ᠎ᠠ᠂ ᠳᠠᠭᠠᠳᠬᠠᠭᠤᠯᠤᠭᠴᠢ᠂ ᠳᠠᠭᠠᠳᠬᠠᠭᠳᠠᠭᠴᠢ ᠨᠢ ᠠᠰᠢᠭ ᠬᠦᠷᠲᠡᠭᠴᠢ ᠪᠣᠯᠵᠤ ᠪᠣᠯᠤᠨ᠎ᠠ᠃        ᠬᠤᠷᠢᠨ ᠬᠤᠶᠠᠳᠤᠭᠠᠷ ᠵᠦᠢᠯ    ᠳᠠᠭᠠᠳᠬᠠᠯ ᠤᠨ ᠠᠳᠡᠯ ᠭᠠᠷᠤᠭᠰᠠᠨ ᠤ ᠳᠠᠷᠠᠭ᠎ᠠ᠂ ᠳᠠᠭᠠᠳᠬᠠᠯ ᠤᠨ ᠭᠡᠷ᠎ᠡ ᠶᠣᠰᠣᠭᠠᠷ ᠳᠠᠭᠠᠳᠬᠠᠭᠴᠢ ᠠᠴᠠ ᠲᠥᠯᠥᠪᠦᠷᠢ ᠪᠤᠶᠤ ᠳᠠᠭᠠᠳᠬᠠᠯ ᠤᠨ ᠮᠥᠩᠭᠦ ᠭᠤᠶᠤᠴᠢᠯᠠᠬᠤ ᠳᠤ ᠳᠠᠭᠠᠳᠬᠠᠭᠤᠯᠤᠭᠴᠢ᠂ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠨᠢ ᠡᠷᠬᠡᠪᠰᠢ ᠳᠠᠭᠠᠳᠬᠠᠭᠴᠢ ᠳᠤ ᠳᠠᠭᠠᠳᠬᠠᠯ ᠤᠨ ᠠᠳᠡᠯ ᠤᠨ ᠰᠢᠨᠵᠢ ᠴᠢᠨᠠᠷ᠂ ᠰᠢᠯᠲᠠᠭᠠᠨ᠂  ᠬᠤᠬᠢᠷᠠᠯ ᠤᠨ ᠬᠡᠮᠵᠢᠶ᠎ᠡ ᠵᠡᠷᠭᠡ ᠶᠢ ᠲᠣᠭᠲᠠᠭᠠᠬᠤ ᠳᠤ ᠬᠤᠯᠪᠣᠭᠳᠠᠬᠤ ᠬᠠᠮᠢᠶ᠎ᠠ ᠪᠦᠬᠦᠢ ᠭᠡᠷᠡᠴᠢ ᠪᠠ ᠮᠠᠲ᠋ᠧᠷᠢᠶᠠᠯ ᠢ ᠬᠠᠩᠭᠠᠬᠤ ᠬᠡᠷᠡᠭᠲᠡᠶ᠃        ᠳᠠᠭᠠᠳᠬᠠᠭᠴᠢ ᠨᠢ ᠳᠠᠭᠠᠳᠬᠠᠯ ᠤᠨ ᠭᠡᠷ᠎ᠡ ᠳᠤ ᠬᠡᠯᠡᠯᠴᠡᠨ ᠲᠣᠭᠲᠠᠭᠠᠭᠰᠠᠨ ᠶᠣᠰᠣᠭᠠᠷ ᠬᠤᠯᠪᠣᠭᠳᠠᠯ ᠪᠦᠬᠦᠢ ᠭᠡᠷᠡᠴᠢ ᠪᠣᠯᠤᠨ ᠮᠠᠲ᠋ᠧᠷᠢᠶᠠᠯ ᠢ ᠪᠦᠷᠢᠨ ᠪᠤᠰᠤ ᠭᠡᠵᠦ ᠦᠵᠡᠪᠡᠯ᠂ ᠳᠠᠭᠠᠳᠬᠠᠭᠤᠯᠤᠭᠴᠢ᠂ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠳᠤ ᠮᠡᠳᠡᠭᠳᠡᠵᠦ ᠬᠤᠯᠪᠣᠭᠳᠠᠯ ᠪᠦᠬᠦᠢ ᠭᠡᠷᠡᠴᠢ ᠪᠣᠯᠤᠨ ᠮᠠᠲ᠋ᠧᠷᠢᠶᠠᠯ ᠢ ᠨᠥᠬᠦᠪᠥᠷᠢᠯᠡᠨ ᠬᠠᠩᠭᠠᠯᠭᠠᠬᠤ ᠬᠡᠷᠡᠭᠲᠡᠶ᠃        ᠬᠤᠷᠢᠨ ᠭᠤᠷᠪᠠᠳᠤᠭᠠᠷ ᠵᠦᠢᠯ    ᠳᠠᠭᠠᠳᠬᠠᠭᠴᠢ ᠨᠢ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠶᠢᠨ ᠲᠥᠯᠥᠪᠦᠷᠢ ᠪᠤᠶᠤ ᠳᠠᠭᠠᠳᠬᠠᠯ ᠤᠨ ᠮᠥᠩᠭᠦ ᠲᠥᠯᠥᠭᠦᠯᠬᠦ ᠭᠤᠶᠤᠴᠢᠯᠠᠯ ᠢ ᠬᠦᠯᠢᠶᠡᠨ ᠠᠪᠤᠭᠰᠠᠨ ᠤ ᠳᠠᠷᠠᠭ᠎ᠠ᠂ ᠴᠠᠭ ᠲᠤᠬᠠᠶ ᠳᠤᠨᠢ ᠬᠠᠷᠭᠤᠭᠤᠯᠤᠨ ᠲᠣᠭᠲᠠᠭᠠᠬᠤ ᠬᠡᠷᠡᠭᠲᠡᠶ︔ ᠳᠠᠭᠠᠳᠬᠠᠯ ᠤᠨ ᠬᠠᠷᠢᠭᠤᠴᠠᠯᠭ᠎ᠠ ᠳᠤ ᠬᠠᠷᠢᠶᠠᠯᠠᠭᠳᠠᠬᠤ ᠳᠤ ᠬᠦᠷᠪᠡᠯ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠲᠠᠢ ᠬᠤᠯᠪᠣᠭᠳᠠᠯ ᠪᠦᠬᠦᠢ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠲᠤᠭ᠎ᠠ ᠶᠢᠨ ᠲᠤᠬᠠᠶ ᠬᠡᠯᠡᠯᠴᠡᠭᠡᠷ ᠲᠣᠭᠲᠠᠭᠠᠭᠰᠠᠨ ᠤ ᠳᠠᠷᠠᠭ᠎ᠠ 10 ᠡᠳᠦᠷ ᠤᠨ ᠳᠣᠲᠣᠷ᠎ᠠ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠡᠭᠦᠷᠭᠡ ᠪᠠᠨ ᠭᠦᠢᠴᠡᠳᠬᠡᠬᠦ ᠬᠡᠷᠡᠭᠲᠡᠶ᠃        ᠳᠠᠭᠠᠳᠬᠠᠯ ᠤᠨ ᠭᠡᠷ᠎ᠡ ᠳᠤ ᠳᠠᠭᠠᠳᠬᠠᠯ ᠤᠨ ᠮᠥᠩᠭᠦ ᠶᠢᠨ ᠲᠤᠭ᠎ᠠ ᠬᠢᠭᠡᠳ ᠲᠥᠯᠥᠪᠦᠷᠢ ᠪᠤᠶᠤ ᠥᠭᠬᠦ ᠬᠠᠷᠢᠭᠤᠴᠠᠯᠭ᠎ᠠ ᠶᠢᠨ ᠲᠠᠯ᠎ᠠ ᠪᠠᠷ ᠬᠡᠯᠡᠯᠴᠡᠨ ᠲᠣᠭᠲᠠᠭᠠᠭᠰᠠᠨ ᠪᠠᠶᠢᠪᠠᠯ᠂ ᠳᠠᠭᠠᠳᠬᠠᠭᠴᠢ ᠨᠢ ᠭᠡᠷ᠎ᠡ ᠳᠤ ᠬᠡᠯᠡᠯᠴᠡᠨ ᠲᠣᠭᠲᠠᠭᠠᠭᠰᠠᠨ ᠶᠣᠰᠣᠭᠠᠷ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠡᠭᠦᠷᠭᠡ ᠪᠠᠨ ᠭᠦᠢᠴᠡᠳᠬᠡᠬᠦ ᠬᠡᠷᠡᠭᠲᠡᠶ        ᠳᠠᠭᠠᠳᠬᠠᠭᠴᠢ ᠡᠮᠦᠨᠡᠬᠢ ᠪᠠᠳᠠᠭ ᠲᠤ ᠲᠣᠭᠲᠠᠭᠠᠭᠰᠠᠨ ᠡᠭᠦᠷᠭᠡ ᠶᠢ ᠴᠠᠭ ᠲᠤᠬᠠᠶ ᠳᠤᠨᠢ ᠡᠰᠡ ᠭᠦᠢᠴᠡᠳᠬᠡᠭᠰᠡᠨ ᠪᠠᠶᠢᠪᠠᠯ᠂ ᠳᠠᠭᠠᠳᠬᠠᠯ ᠤᠨ ᠮᠥᠩᠭᠦ ᠥᠭᠬᠦ ᠠᠴᠠ ᠭᠠᠳᠠᠨ᠎ᠠ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠶᠢᠨ ᠡᠭᠦᠨ ᠠᠴᠠ ᠪᠣᠯᠤᠭᠰᠠᠨ ᠬᠤᠬᠢᠷᠠᠯ ᠢ ᠲᠥᠯᠥᠬᠦ ᠬᠡᠷᠡᠭᠲᠡᠶ᠃        ᠶᠠᠮᠠᠷᠪᠠ ᠨᠢᠭᠡᠴᠡ ᠪᠤᠶᠤ ᠬᠤᠪᠢ ᠬᠥᠮᠦᠨ ᠴᠥᠮ ᠳᠠᠭᠠᠳᠬᠠᠭᠴᠢ ᠶᠢᠨ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠡᠭᠦᠷᠭᠡ ᠪᠠᠨ ᠭᠦᠢᠴᠡᠳᠬᠡᠬᠦ ᠶᠢ ᠬᠠᠤᠯᠢ ᠪᠤᠰᠤ ᠪᠠᠷ ᠭᠠᠷ ᠲᠥᠷᠥᠵᠦ ᠪᠣᠯᠬᠤ ᠦᠭᠡᠶ᠂ ᠳᠠᠭᠠᠳᠬᠠᠭᠴᠢ ᠪᠤᠶᠤ ᠠᠰᠢᠭ ᠬᠦᠷᠲᠡᠭᠴᠢ ᠶᠢᠨ ᠳᠠᠭᠠᠳᠬᠠᠯ ᠤᠨ ᠮᠥᠩᠭᠦ ᠣᠯᠬᠤ ᠡᠷᠬᠡ ᠶᠢ ᠴᠦ ᠬᠢᠵᠠᠭᠠᠷᠯᠠᠵᠤ ᠪᠣᠯᠬᠤ ᠦᠭᠡᠶ᠃        ᠳᠠᠭᠠᠳᠬᠠᠯ ᠤᠨ ᠮᠥᠩᠭᠦ ᠶᠢᠨ ᠲᠤᠭ᠎ᠠ ᠭᠡᠳᠡᠭ ᠨᠢ ᠳᠠᠭᠠᠳᠬᠠᠭᠴᠢ ᠶᠢᠨ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠬᠠᠷᠢᠭᠤᠴᠠᠯᠭ᠎ᠠ ᠡᠭᠦᠷᠭᠡᠯᠡᠬᠦ ᠬᠠᠮᠤᠭ ᠤᠨ ᠳᠡᠭᠡᠳᠦ ᠬᠢᠵᠠᠭᠠᠷᠲᠤ ᠲᠤᠭ᠎ᠠ ᠶᠢ ᠬᠡᠯᠡᠵᠦ ᠪᠠᠶᠢᠨ᠎ᠠ᠃        ᠬᠤᠷᠢᠨ ᠳᠥᠷᠪᠡᠳᠦᠭᠡᠷ ᠵᠦᠢᠯ    ᠳᠠᠭᠠᠳᠬᠠᠭᠴᠢ ᠨᠢ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠶᠢᠨ ᠲᠥᠯᠥᠪᠦᠷᠢ ᠪᠤᠶᠤ ᠳᠠᠭᠠᠳᠬᠠᠯ ᠤᠨ ᠮᠥᠩᠭᠦ ᠲᠥᠯᠥᠭᠦᠯᠬᠦ ᠭᠤᠶᠤᠴᠢᠯᠠᠯ ᠢ ᠣᠯᠤᠭᠰᠠᠨ ᠤ ᠳᠠᠷᠠᠭ᠎ᠠ᠂ ᠳᠠᠭᠠᠳᠬᠠᠯ ᠤᠨ ᠬᠠᠷᠢᠭᠤᠴᠠᠯᠭ᠎ᠠ ᠳᠤ ᠦᠯᠦ ᠬᠠᠷᠢᠶᠠᠯᠠᠭᠳᠠᠬᠤ ᠳᠤ ᠬᠦᠷᠪᠡᠯ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠳᠤ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠶᠢ ᠦᠯᠦ ᠵᠥᠪᠰᠢᠶᠡᠷᠡᠬᠦ ᠮᠡᠳᠡᠭᠳᠡᠯ ᠤᠨ ᠪᠢᠴᠢᠭ ᠥᠭᠬᠦ ᠬᠡᠷᠡᠭᠲᠡᠶ        ᠬᠤᠷᠢᠨ ᠲᠠᠪᠤᠳᠤᠭᠠᠷ ᠵᠦᠢᠯ    ᠳᠠᠭᠠᠳᠬᠠᠭᠴᠢ ᠨᠢ ᠲᠥᠯᠥᠪᠦᠷᠢ ᠪᠤᠶᠤ ᠳᠠᠭᠠᠳᠬᠠᠯ ᠤᠨ ᠮᠥᠩᠭᠦ ᠲᠥᠯᠥᠭᠦᠯᠬᠦ ᠭᠤᠶᠤᠴᠢᠯᠠᠯ ᠪᠣᠯᠤᠨ ᠬᠤᠯᠪᠣᠭᠳᠠᠯ ᠪᠦᠬᠦᠢ ᠭᠡᠷᠡᠴᠢ᠂ ᠮᠠᠲ᠋ᠧᠷᠢᠶᠠᠯ ᠢ ᠬᠦᠯᠢᠶᠡᠨ ᠠᠪᠤᠭᠰᠠᠨ ᠡᠳᠦᠷ ᠠᠴᠠ ᠡᠬᠢᠯᠡᠨ 60 ᠡᠳᠦᠷ ᠳᠣᠲᠣᠷ᠎ᠠ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠲᠤᠭ᠎ᠠ ᠬᠡᠮᠵᠢᠶ᠎ᠡ ᠶᠢ ᠲᠣᠭᠲᠠᠭᠠᠵᠤ ᠳᠡᠶᠢᠯᠬᠦ ᠦᠭᠡᠶ ᠪᠣᠯ ᠡᠵᠡᠮᠰᠢᠵᠦ ᠪᠠᠶᠢᠭ᠎ᠠ ᠭᠡᠷᠡᠴᠢ ᠪᠣᠯᠤᠨ ᠮᠠᠲ᠋ᠧᠷᠢᠶᠠᠯ ᠢ ᠦᠨᠳᠦᠰᠦᠯᠡᠨ ᠲᠣᠭᠲᠠᠭᠠᠵᠤ ᠪᠣᠯᠬᠤ ᠬᠠᠮᠤᠭ ᠤᠨ ᠳᠣᠤᠷ᠎ᠠ ᠲᠤᠭ᠎ᠠ ᠬᠡᠮᠵᠢᠶ᠎ᠡ ᠪᠠᠷ ᠤᠷᠢᠳᠴᠢᠯᠠᠨ ᠥᠭᠬᠦ ᠬᠡᠷᠡᠭᠲᠡᠶ︔ ᠳᠠᠭᠠᠳᠬᠠᠭᠴᠢ ᠠᠴᠠ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠲᠤᠭ᠎ᠠ ᠶᠢ ᠬᠠᠮᠤᠭ ᠰᠡᠭᠦᠯ ᠳᠤ ᠲᠣᠭᠲᠠᠭᠠᠭᠰᠠᠨ ᠤ ᠳᠠᠷᠠᠭ᠎ᠠ ᠵᠣᠬᠢᠴᠠᠩᠭᠤᠶ ᠵᠥᠷᠢᠶ᠎ᠡ ᠲᠣᠭᠠᠨ ᠤ ᠮᠥᠩᠭᠦ ᠶᠢ ᠥᠭᠬᠦ ᠬᠡᠷᠡᠭᠲᠡᠶ᠃        ᠬᠤᠷᠢᠨ ᠵᠢᠷᠭᠤᠳᠤᠭᠠᠷ ᠵᠦᠢᠯ    ᠠᠮᠢ ᠨᠠᠰᠤᠨ ᠤ ᠳᠠᠭᠠᠳᠬᠠᠯ ᠠᠴᠠ ᠪᠤᠰᠤᠳ ᠳᠠᠭᠠᠳᠬᠠᠯ ᠤᠨ ᠬᠥᠮᠦᠰ ᠪᠤᠶᠤ ᠠᠰᠢᠭ ᠬᠦᠷᠲᠡᠭᠴᠢ ᠶᠢᠨ ᠳᠠᠭᠠᠳᠬᠠᠭᠴᠢ ᠠᠴᠠ ᠲᠥᠯᠥᠪᠦᠷᠢ ᠪᠤᠶᠤ ᠳᠠᠭᠠᠳᠬᠠᠯ ᠤᠨ ᠮᠥᠩᠭᠦ ᠲᠥᠯᠥᠭᠦᠯᠬᠦ ᠪᠠᠷ ᠭᠤᠶᠤᠴᠢᠯᠠᠬᠤ ᠡᠷᠬᠡ ᠨᠢ ᠳᠠᠭᠠᠳᠬᠠᠯ ᠤᠨ ᠠᠳᠡᠯ ᠭᠠᠷᠤᠭᠰᠠᠨ ᠢ ᠮᠡᠳᠡᠭᠰᠡᠨ ᠡᠳᠦᠷ ᠠᠴᠠ ᠡᠬᠢᠯᠡᠨ ᠬᠤᠶᠠᠷ ᠵᠢᠯ ᠳᠤ ᠭᠦᠢᠴᠡᠳᠬᠡᠬᠦ ᠦᠭᠡᠶ ᠪᠣᠯ ᠬᠦᠴᠦᠨ ᠦᠭᠡᠶ ᠪᠣᠯᠤᠨ᠎ᠠ᠃        ᠠᠮᠢ ᠨᠠᠰᠤᠨ ᠤ ᠳᠠᠭᠠᠳᠬᠠᠯ ᠤᠨ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠨᠢ ᠳᠠᠭᠠᠳᠬᠠᠭᠴᠢ ᠠᠴᠠ ᠲᠥᠯᠥᠪᠦᠷᠢ ᠪᠤᠶᠤ ᠳᠠᠭᠠᠳᠬᠠᠯ ᠤᠨ ᠮᠥᠩᠭᠦ ᠲᠥᠯᠥᠭᠦᠯᠬᠦ ᠪᠠᠷ ᠭᠤᠶᠤᠴᠢᠯᠠᠬᠤ ᠡᠷᠬᠡ ᠨᠢ ᠳᠠᠭᠠᠳᠬᠠᠯ ᠤᠨ ᠠᠳᠡᠯ ᠭᠠᠷᠤᠭᠰᠠᠨ ᠢ ᠮᠡᠳᠡᠭᠰᠡᠨ ᠡᠳᠦᠷ ᠠᠴᠠ ᠡᠬᠢᠯᠡᠨ ᠲᠠᠪᠤᠨ ᠵᠢᠯ ᠳᠤ ᠭᠦᠢᠴᠡᠳᠬᠡᠬᠦ ᠦᠭᠡᠶ ᠪᠣᠯ ᠬᠦᠴᠦᠨ ᠦᠭᠡᠶ ᠪᠣᠯᠤᠨ᠎ᠠ᠃        ᠬᠤᠷᠢᠨ ᠳᠣᠯᠣᠳᠤᠭᠠᠷ ᠵᠦᠢᠯ    ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠨᠢ ᠳᠠᠭᠠᠳᠬᠠᠯ ᠤᠨ ᠠᠳᠡᠯ ᠭᠠᠷᠤᠭᠰᠠᠨ ᠦᠭᠡᠶ ᠪᠠᠶᠢᠳᠠᠯ ᠤᠨ ᠳᠣᠤᠷ᠎ᠠ᠂ ᠳᠠᠭᠠᠳᠬᠠᠯ ᠤᠨ ᠠᠳᠡᠯ ᠭᠠᠷᠤᠭᠰᠠᠨ ᠭᠡᠵᠦ ᠬᠤᠳᠠᠯ ᠢᠶᠠᠷ ᠮᠡᠳᠡᠭᠦᠯᠵᠦ᠂ ᠳᠠᠭᠠᠳᠬᠠᠭᠴᠢ ᠠᠴᠠ ᠲᠥᠯᠥᠪᠦᠷᠢ ᠪᠤᠶᠤ ᠳᠠᠭᠠᠳᠬᠠᠯ ᠤᠨ ᠮᠥᠩᠭᠦ ᠲᠥᠯᠥᠭᠦᠯᠬᠦ ᠪᠠᠷ ᠭᠤᠶᠤᠴᠢᠯᠠᠭᠰᠠᠨ ᠪᠠᠶᠢᠪᠠᠯ ᠳᠠᠭᠠᠳᠬᠠᠭᠴᠢ ᠨᠢ ᠭᠡᠷ᠎ᠡ ᠶᠢ ᠬᠦᠴᠦᠨ ᠦᠭᠡᠶ ᠪᠣᠯᠭᠠᠬᠤ ᠡᠷᠬᠡ ᠲᠠᠢ ᠪᠥᠭᠡᠳ ᠳᠠᠭᠠᠳᠬᠠᠯ ᠤᠨ ᠵᠠᠷᠤᠳᠠᠯ ᠢ ᠨᠢ ᠪᠤᠴᠠᠭᠠᠵᠤ ᠥᠭᠬᠦ ᠦᠭᠡᠶ᠃        ᠳᠠᠭᠠᠳᠬᠠᠭᠤᠯᠤᠭᠴᠢ᠂ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠵᠣᠷᠢᠭᠤᠳᠠ ᠳᠠᠭᠠᠳᠬᠠᠯ ᠤᠨ ᠠᠳᠡᠯ ᠭᠠᠷᠭᠠᠭᠰᠠᠨ ᠪᠠᠶᠢᠪᠠᠯ ᠳᠠᠭᠠᠳᠬᠠᠭᠴᠢ ᠭᠡᠷ᠎ᠡ ᠶᠢ ᠬᠦᠴᠦᠨ ᠦᠭᠡᠶ ᠪᠣᠯᠭᠠᠬᠤ ᠡᠷᠬᠡ ᠲᠠᠢ᠂ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠬᠠᠷᠢᠭᠤᠴᠠᠯᠭ᠎ᠠ ᠡᠭᠦᠷᠭᠡᠯᠡᠬᠦ ᠦᠭᠡᠶ᠂ ᠲᠤᠰ ᠬᠠᠤᠯᠢ ᠶᠢᠨ ᠵᠢᠷᠠᠨ ᠳᠥᠷᠪᠡᠳᠦᠭᠡᠷ ᠵᠦᠢᠯ ᠤᠨ ᠨᠢᠭᠡᠳᠦᠭᠡᠷ ᠪᠠᠳᠠᠭ ᠲᠤ ᠠᠰᠲᠠᠭᠠᠨ ᠲᠣᠭᠲᠠᠭᠠᠯ ᠲᠠᠢ ᠶᠢ ᠭᠠᠷᠭᠠᠪᠠᠯ᠂ ᠳᠠᠭᠠᠳᠬᠠᠯ ᠤᠨ ᠵᠠᠷᠤᠳᠠᠯ ᠢ ᠨᠢ ᠪᠤᠴᠠᠭᠠᠵᠤ ᠥᠭᠬᠦ ᠦᠭᠡᠶ᠃        ᠳᠠᠭᠠᠳᠬᠠᠯ ᠤᠨ ᠠᠳᠡᠯ ᠭᠠᠷᠤᠭᠰᠠᠨ ᠤ ᠳᠠᠷᠠᠭ᠎ᠠ᠂ ᠳᠠᠭᠠᠳᠬᠠᠭᠤᠯᠤᠭᠴᠢ᠂ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠬᠤᠯᠪᠣᠭᠳᠠᠯ ᠪᠦᠬᠦᠢ ᠭᠡᠷᠡᠴᠢ᠂ ᠮᠠᠲ᠋ᠧᠷᠢᠶᠠᠯ ᠪᠤᠶᠤ ᠪᠤᠰᠤᠳ ᠭᠡᠷᠡᠴᠢ ᠪᠠᠷᠢᠮᠲᠠ ᠶᠢ ᠬᠠᠭᠤᠷᠮᠠᠭᠯᠠᠨ ᠵᠤᠬᠢᠶᠠᠬᠤ ᠪᠤᠶᠤ ᠬᠤᠪᠢᠷᠠᠭᠠᠵᠤ᠂ ᠬᠤᠳᠠᠯ ᠬᠠᠭᠤᠷᠮᠠᠭ ᠠᠳᠡᠯ ᠤᠨ ᠰᠢᠯᠲᠠᠭᠠᠨ ᠵᠣᠬᠢᠶᠠᠭᠰᠠᠨ ᠪᠤᠶᠤ ᠬᠤᠬᠢᠷᠠᠯ ᠤᠨ ᠬᠡᠮᠵᠢᠶ᠎ᠡ ᠶᠢ ᠶᠡᠬᠡᠰᠬᠡᠭᠰᠡᠨ ᠪᠣᠯ ᠬᠤᠳᠠᠯ ᠢᠶᠠᠷ ᠮᠡᠳᠡᠭᠦᠯᠦᠭᠰᠡᠨ ᠬᠡᠰᠡᠭ ᠲᠤᠨᠢ ᠲᠥᠯᠥᠪᠦᠷᠢ ᠪᠤᠶᠤ ᠳᠠᠭᠠᠳᠬᠠᠯ ᠤᠨ ᠮᠥᠩᠭᠦ ᠥᠭᠬᠦ ᠬᠠᠷᠢᠭᠤᠴᠠᠯᠭ᠎ᠠ ᠡᠭᠦᠷᠭᠡᠯᠡᠬᠦ ᠦᠭᠡᠶ᠃        ᠳᠠᠭᠠᠳᠬᠠᠭᠤᠯᠤᠭᠴᠢ᠂ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠳᠤ ᠡᠮᠦᠨᠡᠬᠢ ᠭᠤᠷᠪᠠᠨ ᠪᠠᠳᠠᠭ ᠲᠤ ᠵᠢᠭᠰᠠᠭᠠᠭᠰᠠᠨ ᠦᠢᠯᠡ ᠠᠵᠢᠯᠯᠠᠭ᠎ᠠ ᠶᠢᠨ ᠨᠢᠭᠡ ᠨᠢ ᠪᠠᠶᠢᠵᠤ᠂ ᠳᠠᠭᠠᠳᠬᠠᠭᠴᠢ ᠶᠢ ᠳᠠᠭᠠᠳᠬᠠᠯ ᠤᠨ ᠮᠥᠩᠭᠦ ᠥᠭᠭᠦᠭᠦᠯᠦᠭᠰᠡᠨ ᠪᠤᠶᠤ ᠵᠠᠷᠤᠳᠠᠯ ᠭᠠᠷᠭᠠᠭᠤᠯᠤᠭᠰᠠᠨ ᠪᠠᠶᠢᠪᠠᠯ ᠪᠤᠴᠠᠭᠠᠯᠭᠠᠬᠤ ᠪᠤᠶᠤ ᠲᠥᠯᠥᠭᠦᠯᠬᠦ ᠬᠡᠷᠡᠭᠲᠡᠶ᠃        ᠬᠤᠷᠢᠨ ᠨᠠᠢᠮᠠᠳᠤᠭᠠᠷ ᠵᠦᠢᠯ    ᠳᠠᠭᠠᠳᠬᠠᠭᠴᠢ ᠨᠢ ᠲᠡᠭᠦᠨ ᠤ ᠡᠭᠦᠷᠭᠡᠯᠡᠭᠰᠡᠨ ᠳᠠᠭᠠᠳᠬᠠᠯ ᠤᠨ ᠲᠤᠬᠠᠶᠢᠯᠠᠭᠰᠠᠨ ᠠᠵᠢᠯ ᠢᠶᠠᠨ ᠳᠠᠭᠠᠭᠠᠴᠢᠯᠠᠭᠤᠯᠤᠨ ᠳᠠᠭᠠᠳᠬᠠᠬᠤ ᠬᠡᠯᠪᠡᠷᠢ ᠪᠠᠷ ᠨᠢᠭᠡ ᠬᠡᠰᠡᠭ ᠢ ᠨᠢ ᠪᠤᠰᠤᠳ ᠳᠠᠭᠠᠳᠬᠠᠭᠴᠢ ᠳᠤ ᠰᠢᠯᠵᠢᠭᠦᠯᠦᠨ ᠥᠭᠭᠦᠭᠰᠡᠨ ᠢ ᠳᠠᠮ ᠳᠠᠭᠠᠳᠬᠠᠯ ᠭᠡᠳᠡᠭ᠃        ᠳᠠᠮ ᠳᠠᠭᠠᠳᠬᠠᠯ ᠢ ᠬᠦᠯᠢᠶᠡᠨ ᠠᠪᠤᠭᠴᠢ ᠶᠢᠨ ᠱᠠᠭᠠᠷᠳᠠᠯᠭ᠎ᠠ ᠪᠠᠷ ᠳᠠᠮ ᠳᠠᠭᠠᠳᠬᠠᠯ ᠢ ᠰᠠᠯᠭᠠᠨ ᠭᠠᠷᠭᠠᠭᠴᠢ ᠨᠢ ᠥᠪᠡᠷ ᠢᠶᠠᠨ ᠡᠭᠦᠷᠭᠡᠯᠡᠬᠦ ᠬᠠᠷᠢᠭᠤᠴᠠᠯᠭ᠎ᠠ ᠵᠢᠴᠢ ᠤᠤᠯ ᠤᠨ ᠳᠠᠭᠠᠳᠬᠠᠯ ᠤᠨ ᠬᠤᠯᠪᠣᠭᠳᠠᠯ ᠪᠦᠬᠦᠢ ᠪᠠᠶᠢᠳᠠᠯ ᠢᠶᠠᠨ ᠳᠠᠮ ᠳᠠᠭᠠᠳᠬᠠᠯ ᠢ ᠬᠦᠯᠢᠶᠡᠨ ᠠᠪᠤᠭᠴᠢ ᠳᠤ ᠮᠡᠳᠡᠭᠦᠯᠬᠦ ᠬᠡᠷᠡᠭᠲᠡᠶ᠃        ᠬᠤᠷᠢ ᠶᠢᠰᠦᠳᠦᠭᠡᠷ ᠵᠦᠢᠯ    ᠳᠠᠮ ᠳᠠᠭᠠᠳᠬᠠᠯ ᠢ ᠬᠦᠯᠢᠶᠡᠨ ᠠᠪᠤᠭᠴᠢ ᠨᠢ ᠤᠤᠯ ᠳᠠᠭᠠᠳᠬᠠᠯ ᠤᠨ ᠳᠠᠭᠠᠳᠬᠠᠭᠤᠯᠤᠭᠴᠢ ᠠᠴᠠ ᠳᠠᠭᠠᠳᠬᠠᠯ ᠤᠨ ᠵᠠᠷᠤᠳᠠᠯ ᠭᠠᠷᠭᠠᠭᠤᠯᠬᠤ ᠪᠠᠷ ᠱᠠᠭᠠᠷᠳᠠᠵᠤ ᠪᠣᠯᠬᠤ ᠦᠭᠡᠶ᠃        ᠤᠤᠯ ᠳᠠᠭᠠᠳᠬᠠᠯ ᠤᠨ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠨᠢ ᠳᠠᠮ ᠳᠠᠭᠠᠳᠬᠠᠯ ᠬᠦᠯᠢᠶᠡᠨ ᠠᠪᠤᠭᠴᠢ ᠠᠴᠠ ᠲᠥᠯᠥᠪᠦᠷᠢ ᠪᠤᠶᠤ ᠳᠠᠭᠠᠳᠬᠠᠯ ᠤᠨ ᠮᠥᠩᠭᠦ ᠲᠥᠯᠥᠭᠦᠯᠬᠦ ᠪᠠᠷ ᠭᠤᠶᠤᠴᠢᠯᠠᠵᠤ ᠪᠣᠯᠬᠤ ᠦᠭᠡᠶ᠃        ᠳᠠᠮ ᠳᠠᠭᠠᠳᠬᠠᠯ ᠢ ᠰᠠᠯᠭᠠᠨ ᠭᠠᠷᠭᠠᠭᠴᠢ ᠨᠢ ᠳᠠᠮ ᠳᠠᠭᠠᠳᠬᠠᠯ ᠢ ᠬᠦᠯᠢᠶᠡᠨ ᠠᠪᠤᠭᠴᠢ ᠶᠢᠨ ᠳᠠᠮ ᠳᠠᠭᠠᠳᠬᠠᠯ ᠤᠨ ᠬᠠᠷᠢᠭᠤᠴᠠᠯᠭ᠎ᠠ ᠶᠢ ᠦᠯᠦ ᠭᠦᠢᠴᠡᠳᠬᠡᠭᠰᠡᠨ ᠢᠶᠠᠷ ᠰᠢᠯᠲᠠᠭ ᠪᠣᠯᠭᠠᠵᠤ᠂ ᠤᠤᠯ ᠳᠠᠭᠠᠳᠬᠠᠯ ᠤᠨ ᠬᠠᠷᠢᠭᠤᠴᠠᠯᠭ᠎ᠠ ᠪᠠᠨ ᠦᠯᠦ ᠭᠦᠢᠴᠡᠳᠬᠡᠬᠦ ᠪᠤᠶᠤ ᠤᠳᠠᠭᠠᠰᠢᠷᠠᠭᠤᠯᠤᠨ ᠬᠤᠶᠢᠰᠢᠯᠠᠭᠤᠯᠵᠤ ᠪᠣᠯᠬᠤ ᠦᠭᠡᠶ᠃        ᠭᠤᠴᠢᠳᠤᠭᠠᠷ ᠵᠦᠢᠯ    ᠳᠠᠭᠠᠳᠬᠠᠯ ᠤᠨ ᠭᠡᠷ᠎ᠡ ᠶᠢᠨ ᠵᠦᠢᠯ ᠪᠠᠳᠠᠭ ᠲᠤ ᠳᠠᠭᠠᠳᠬᠠᠭᠴᠢ᠂ ᠳᠠᠭᠠᠳᠬᠠᠭᠤᠯᠤᠭᠴᠢ᠂ ᠳᠠᠭᠠᠳᠬᠠᠭᠳᠠᠭᠴᠢ ᠪᠤᠶᠤ ᠠᠰᠢᠭ ᠬᠦᠷᠲᠡᠭᠴᠢ ᠨᠢ ᠮᠠᠷᠭᠤᠭᠠᠨ ᠲᠠᠢ ᠪᠣᠯᠪᠠᠯ ᠠᠷᠠᠳ ᠤᠨ ᠰᠢᠭᠦᠬᠦ ᠬᠤᠷᠢᠶ᠎ᠠ ᠪᠤᠶᠤ ᠬᠥᠨᠳᠡᠯᠡᠨ ᠠᠴᠠ ᠲᠠᠰᠤᠯᠬᠤ ᠪᠠᠶᠢᠭᠤᠯᠤᠯᠭ᠎ᠠ ᠠᠴᠠ ᠳᠠᠭᠠᠳᠬᠠᠭᠳᠠᠭᠴᠢ ᠪᠠ ᠠᠰᠢᠭ ᠬᠦᠷᠲᠡᠭᠴᠢ ᠳᠤ ᠠᠰᠢᠭᠲᠠᠶ ᠲᠠᠶᠢᠯᠪᠤᠷᠢ ᠬᠢᠬᠦ ᠬᠡᠷᠡᠭᠲᠡᠶ᠃        ᠭᠤᠴᠢᠨ ᠨᠢᠭᠡᠳᠦᠭᠡᠷ ᠵᠦᠢᠯ    ᠳᠠᠭᠠᠳᠬᠠᠭᠴᠢ ᠪᠤᠶᠤ ᠳᠠᠮ ᠳᠠᠭᠠᠳᠬᠠᠯ ᠢ ᠬᠦᠯᠢᠶᠡᠨ ᠠᠪᠤᠭᠴᠢ ᠳᠠᠭᠠᠳᠬᠠᠯ ᠤᠨ ᠲᠤᠬᠠᠶᠢᠯᠠᠭᠰᠠᠨ ᠠᠵᠢᠯ ᠢᠶᠠᠨ ᠭᠦᠢᠴᠡᠳᠬᠡᠬᠦ ᠳᠤᠮᠳᠠ ᠳᠠᠭᠠᠳᠬᠠᠭᠤᠯᠤᠭᠴᠢ᠂ ᠳᠠᠭᠠᠳᠬᠠᠭᠳᠠᠭᠴᠢ ᠪᠤᠶᠤ ᠳᠠᠮ ᠳᠠᠭᠠᠳᠬᠠᠯ ᠢ ᠰᠠᠯᠭᠠᠨ ᠭᠠᠷᠭᠠᠭᠴᠢ ᠶᠢᠨ ᠲᠤᠬᠠᠶᠢᠯᠠᠭᠰᠠᠨ ᠠᠵᠢᠯ ᠪᠠ ᠡᠳ᠋ ᠬᠥᠷᠥᠩᠭᠡ ᠶᠢᠨ ᠪᠠᠶᠢᠳᠠᠯ ᠢ ᠮᠡᠳᠡᠭᠰᠡᠨ ᠪᠠᠶᠢᠪᠠᠯ ᠨᠢᠭᠤᠴᠠ ᠶᠢ ᠬᠠᠮᠠᠭᠠᠯᠠᠬᠤ ᠡᠭᠦᠷᠭᠡ ᠲᠠᠢ᠃        ᠬᠤᠶᠠᠳᠤᠭᠠᠷ ᠬᠡᠰᠡᠭ    ᠡᠳ᠋ ᠬᠥᠷᠥᠩᠭᠡ ᠶᠢᠨ ᠳᠠᠭᠠᠳᠬᠠᠯ ᠤᠨ ᠭᠡᠷ᠎ᠡ           ᠭᠤᠴᠢᠨ ᠬᠤᠶᠠᠳᠤᠭᠠᠷ ᠵᠦᠢᠯ    ᠡᠳ᠋ ᠬᠥᠷᠥᠩᠭᠡ ᠶᠢᠨ ᠳᠠᠭᠠᠳᠬᠠᠯ ᠤᠨ ᠭᠡᠷ᠎ᠡ ᠭᠡᠳᠡᠭ ᠨᠢ ᠡᠳ᠋ ᠬᠥᠷᠥᠩᠭᠡ ᠵᠢᠴᠢ ᠬᠤᠯᠪᠣᠭᠳᠠᠯ ᠪᠦᠬᠦᠢ ᠠᠰᠢᠭ ᠲᠤᠰᠠ ᠪᠠᠷ  ᠳᠠᠭᠠᠳᠬᠠᠭᠳᠠᠬᠤ ᠡᠲᠡᠭᠡᠳ ᠪᠣᠯᠭᠠᠭᠰᠠᠨ ᠳᠠᠭᠠᠳᠬᠠᠯ ᠤᠨ ᠭᠡᠷ᠎ᠡ ᠶᠢ ᠬᠡᠯᠡᠵᠦ ᠪᠠᠶᠢᠨ᠎ᠠ᠃        ᠲᠤᠰ ᠬᠡᠰᠡᠭ ᠲᠠᠬᠢ ᠡᠳ᠋ ᠬᠥᠷᠥᠩᠭᠡ ᠶᠢᠨ ᠳᠠᠭᠠᠳᠬᠠᠯ ᠤᠨ ᠭᠡᠷ᠎ᠡ ᠵᠢᠭᠠᠨ ᠲᠣᠳᠣᠷᠬᠠᠶᠢᠯᠠᠭᠰᠠᠨ ᠢ ᠭᠠᠷᠭᠠᠪᠠᠯ᠂ ᠭᠡᠷ᠎ᠡ ᠭᠡᠵᠦ ᠳᠥᠭᠦᠮᠴᠢᠯᠡᠵᠦ ᠨᠡᠷᠡᠯᠡᠨ᠎ᠡ᠃        ᠭᠤᠴᠢᠨ ᠭᠤᠷᠪᠠᠳᠤᠭᠠᠷ ᠵᠦᠢᠯ     ᠳᠠᠭᠠᠳᠬᠠᠭᠳᠠᠬᠤ ᠡᠲᠡᠭᠡᠳ ᠢ ᠰᠢᠯᠵᠢᠭᠦᠯᠬᠦ ᠳᠤ ᠬᠦᠷᠪᠡᠯ ᠡᠷᠬᠡᠪᠰᠢ ᠳᠠᠭᠠᠳᠬᠠᠭᠴᠢ ᠳᠤ ᠮᠡᠳᠡᠭᠳᠡᠵᠦ ᠳᠠᠭᠠᠳᠬᠠᠭᠴᠢ ᠪᠠᠷ ᠦᠷᠭᠦᠯᠵᠢᠯᠡᠨ ᠳᠠᠭᠠᠳᠬᠠᠭᠤᠯᠬᠤ ᠪᠠᠷ ᠵᠥᠪᠰᠢᠶᠡᠷᠡᠭᠦᠯᠦᠭᠰᠡᠨ ᠤ ᠳᠠᠷᠠᠭ᠎ᠠ᠂ ᠬᠠᠤᠯᠢ ᠶᠣᠰᠣᠭᠠᠷ ᠭᠡᠷ᠎ᠡ ᠪᠠᠨ ᠬᠤᠪᠢᠷᠠᠭᠤᠯᠬᠤ ᠬᠡᠷᠡᠭᠲᠡᠶ᠃        ᠭᠡᠪᠡᠴᠦ᠂ ᠡᠳ᠋ ᠪᠠᠷᠠᠭ᠎ᠠ ᠲᠡᠭᠡᠭᠡᠪᠦᠷᠢᠯᠡᠬᠦ ᠳᠠᠭᠠᠳᠬᠠᠯ ᠤᠨ ᠭᠡᠷ᠎ᠡ ᠪᠠ ᠠᠰᠲᠠᠭᠠᠨ ᠬᠡᠯᠡᠯᠴᠡᠨ ᠲᠣᠭᠲᠠᠭᠠᠭᠰᠠᠨ ᠭᠡᠷ᠎ᠡ ᠡᠭᠦᠨ ᠳᠤ ᠪᠠᠭᠲᠠᠬᠤ ᠦᠭᠡᠶ᠃        ᠭᠤᠴᠢᠨ ᠳᠥᠷᠪᠡᠳᠦᠭᠡᠷ ᠵᠦᠢᠯ    ᠡᠳ᠋ ᠪᠠᠷᠠᠭ᠎ᠠ ᠲᠡᠭᠡᠭᠡᠪᠦᠷᠢᠯᠡᠬᠦ ᠳᠠᠭᠠᠳᠬᠠᠯ ᠤᠨ ᠭᠡᠷ᠎ᠡ ᠪᠠ ᠲᠡᠭᠡᠭᠡᠪᠦᠷᠢᠯᠡᠬᠦ ᠪᠠᠭᠠᠵᠢ ᠬᠡᠷᠡᠭᠰᠡᠯ ᠤᠨ ᠠᠶᠠᠨ ᠵᠠᠮ ᠤᠨ ᠳᠠᠭᠠᠳᠬᠠᠯ ᠤᠨ ᠭᠡᠷ᠎ᠡ ᠨᠢ ᠳᠠᠭᠠᠳᠬᠠᠯ ᠤᠨ ᠬᠠᠷᠢᠭᠤᠴᠠᠯᠭ᠎ᠠ ᠲᠠᠢ ᠪᠣᠯᠤᠭᠰᠠᠨ ᠤ ᠳᠠᠷᠠᠭ᠎ᠠ᠂ ᠭᠡᠷ᠎ᠡ ᠶᠢᠨ ᠲᠤᠬᠠᠶ ᠶᠢᠨ ᠬᠥᠮᠦᠨ ᠨᠢ ᠭᠡᠷ᠎ᠡ ᠪᠠᠨ ᠬᠦᠴᠦᠨ ᠦᠭᠡᠶ ᠪᠣᠯᠭᠠᠵᠤ ᠪᠣᠯᠬᠤ ᠦᠭᠡᠶ᠃        ᠭᠤᠴᠢᠨ ᠲᠠᠪᠤᠳᠤᠭᠠᠷ ᠵᠦᠢᠯ    ᠳᠠᠭᠠᠳᠬᠠᠭᠳᠠᠭᠴᠢ ᠨᠢ ᠤᠯᠤᠰ ᠤᠨ ᠬᠤᠯᠪᠣᠭᠳᠠᠯ ᠪᠦᠬᠦᠢ ᠭᠠᠯ ᠰᠡᠷᠭᠡᠶᠢᠯᠡᠬᠦ᠂ ᠠᠮᠤᠷ ᠲᠦᠪᠰᠢᠨ ᠢ ᠬᠠᠮᠠᠭᠠᠯᠠᠬᠤ᠂ ᠦᠢᠯᠡᠳᠪᠦᠷᠢᠯᠡᠨ ᠠᠵᠢᠯᠯᠠᠬᠤ᠂ ᠬᠥᠳᠡᠯᠮᠦᠷᠢ ᠶᠢᠨ ᠬᠠᠮᠠᠭᠠᠯᠠᠯᠲᠠ ᠵᠡᠷᠭᠡ ᠲᠠᠯ᠎ᠠ ᠶᠢᠨ ᠲᠣᠭᠲᠠᠭᠠᠯ ᠢ ᠵᠢᠷᠤᠮᠯᠠᠵᠤ᠂  ᠳᠠᠭᠠᠳᠬᠠᠭᠳᠠᠬᠤ ᠡᠲᠡᠭᠡᠳ ᠤᠨ ᠠᠮᠤᠷ ᠲᠦᠪᠰᠢᠨ ᠢ ᠬᠠᠮᠠᠭᠠᠯᠠᠬᠤ ᠬᠡᠷᠡᠭᠲᠡᠶ᠃        ᠭᠡᠷ᠎ᠡ ᠳᠤ ᠬᠡᠯᠡᠯᠴᠡᠨ ᠲᠣᠭᠲᠠᠭᠠᠭᠰᠠᠨ ᠢᠶᠠᠨ ᠦᠨᠳᠦᠰᠦᠯᠡᠨ᠂ ᠲᠡᠷᠡ ᠴᠠᠭ ᠲᠤᠨᠢ ᠳᠠᠭᠠᠳᠬᠠᠭᠤᠯᠤᠭᠴᠢ ᠠᠮᠤᠷ ᠲᠦᠪᠰᠢᠨ ᠤ ᠪᠠᠶᠢᠳᠠᠯ ᠳᠤ ᠪᠠᠶᠢᠴᠠᠭᠠᠯᠲᠠ ᠬᠢᠵᠦ᠂ ᠳᠠᠭᠠᠳᠬᠠᠯ ᠤᠨ ᠬᠥᠮᠦᠨ ᠪᠣᠯᠤᠨ ᠳᠠᠭᠠᠳᠬᠠᠭᠳᠠᠭᠴᠢ ᠳᠤ ᠠᠶᠤᠯ ᠲᠠᠢ ᠬᠦᠴᠦᠨ ᠵᠦᠢᠯ ᠪᠠ ᠳᠠᠯᠳᠠ ᠠᠶᠤᠯ ᠢ ᠠᠷᠢᠯᠭᠠᠬᠤ ᠰᠠᠨᠠᠭᠤᠯᠭ᠎ᠠ ᠶᠢᠨ ᠪᠢᠴᠢᠭ ᠢ ᠲᠦᠷᠭᠡᠨ ᠳᠡᠪᠰᠢᠭᠦᠯᠬᠦ ᠬᠡᠷᠡᠭᠲᠡᠶ᠃        ᠳᠠᠭᠠᠳᠬᠠᠭᠤᠯᠤᠭᠴᠢ᠂ ᠳᠠᠭᠠᠳᠬᠠᠭᠳᠠᠭᠴᠢ ᠨᠢ ᠬᠡᠯᠡᠯᠴᠡᠨ ᠲᠣᠭᠲᠠᠭᠠᠭᠰᠠᠨ ᠶᠣᠰᠣᠭᠠᠷ ᠶᠠᠪᠤᠭᠳᠠᠭᠤᠯᠵᠤ ᠠᠮᠤᠷ ᠲᠦᠪᠰᠢᠨ ᠤ ᠲᠤᠬᠠᠶ ᠬᠠᠷᠢᠭᠤᠴᠠᠪᠠᠰᠤ ᠵᠣᠬᠢᠬᠤ ᠬᠠᠷᠢᠭᠤᠴᠠᠯᠭ᠎ᠠ ᠪᠠᠨ ᠭᠦᠢᠴᠡᠳᠬᠡᠭᠰᠡᠨ ᠦᠭᠡᠶ ᠪᠠᠶᠢᠪᠠᠯ ᠳᠠᠭᠠᠳᠬᠠᠭᠴᠢ ᠨᠢ ᠳᠠᠭᠠᠳᠬᠠᠯ ᠤᠨ ᠵᠠᠷᠤᠳᠠᠯ ᠨᠡᠮᠡᠭᠦᠯᠬᠦ ᠪᠤᠶᠤ ᠭᠡᠷ᠎ᠡ ᠪᠠᠨ ᠬᠦᠴᠦᠨ ᠦᠭᠡᠶ ᠪᠣᠯᠭᠠᠬᠤ ᠡᠷᠬᠡ ᠲᠠᠢ᠃        ᠳᠠᠭᠠᠳᠬᠠᠭᠴᠢ ᠠᠴᠠ ᠳᠠᠭᠠᠳᠬᠠᠯ ᠤᠨ ᠪᠠᠷᠢᠮᠵᠢᠶ᠎ᠠ ᠶᠢᠨ ᠠᠮᠤᠷ ᠲᠦᠪᠰᠢᠨ ᠢ ᠬᠠᠮᠠᠭᠠᠯᠠᠬᠤ ᠶᠢᠨ ᠲᠥᠯᠥᠭᠡ᠂ ᠳᠠᠭᠠᠳᠬᠠᠭᠳᠠᠭᠴᠢ ᠪᠠᠷ ᠵᠥᠪᠰᠢᠶᠡᠷᠡᠭᠦᠯᠦᠭᠡᠳ ᠠᠶᠤᠯ ᠢ ᠰᠡᠷᠭᠡᠶᠢᠯᠡᠬᠦ ᠠᠷᠭ᠎ᠠ ᠬᠡᠮᠵᠢᠶ᠎ᠡ ᠠᠪᠴᠤ ᠪᠣᠯᠤᠨ᠎ᠠ᠃        ᠭᠤᠴᠢᠨ ᠵᠢᠷᠭᠤᠳᠤᠭᠠᠷ ᠵᠦᠢᠯ    ᠭᠡᠷ᠎ᠡ ᠬᠦᠴᠦᠨ ᠲᠠᠢ ᠪᠠᠶᠢᠭ᠎ᠠ ᠬᠤᠭᠤᠴᠠᠭᠠᠨ ᠳᠤ ᠳᠠᠭᠠᠳᠬᠠᠯ ᠤᠨ ᠪᠠᠷᠢᠮᠵᠢᠶ᠎ᠠ ᠶᠢᠨ ᠬᠡᠮᠵᠢᠶ᠎ᠡ ᠨᠡᠮᠡᠭᠳᠡᠭᠦᠯᠬᠦ ᠳᠤ ᠬᠦᠷᠪᠡᠯ᠂ ᠳᠠᠭᠠᠳᠬᠠᠭᠳᠠᠭᠴᠢ ᠨᠢ ᠭᠡᠷ᠎ᠡ ᠳᠤ ᠬᠡᠯᠡᠯᠴᠡᠨ ᠲᠣᠭᠲᠠᠭᠠᠭᠰᠠᠨ ᠶᠣᠰᠣᠭᠠᠷ ᠴᠠᠭ ᠲᠤᠬᠠᠶ ᠳᠤᠨᠢ ᠳᠠᠭᠠᠳᠬᠠᠭᠴᠢ ᠳᠤ ᠮᠡᠳᠡᠭᠳᠡᠵᠦ᠂ ᠳᠠᠭᠠᠳᠬᠠᠭᠴᠢ ᠨᠢ ᠳᠠᠭᠠᠳᠬᠠᠯ ᠤᠨ ᠵᠠᠷᠤᠳᠠᠯ ᠢ ᠨᠡᠮᠡᠭᠦᠯᠬᠦ ᠪᠤᠶᠤ ᠭᠡᠷ᠎ᠡ ᠪᠠᠨ ᠬᠦᠴᠦᠨ ᠦᠭᠡᠶ ᠪᠣᠯᠭᠠᠬᠤ ᠡᠷᠬᠡ ᠲᠠᠢ᠃        ᠳᠠᠭᠠᠳᠬᠠᠭᠳᠠᠭᠴᠢ ᠡᠮᠦᠨᠡᠬᠢ ᠪᠠᠳᠠᠭ ᠲᠤ ᠲᠣᠭᠲᠠᠭᠠᠭᠰᠠᠨ ᠮᠡᠳᠡᠭᠳᠡᠬᠦ ᠡᠭᠦᠷᠭᠡ ᠶᠢ ᠭᠦᠢᠴᠡᠳᠬᠡᠭᠰᠡᠨ ᠦᠭᠡᠶ ᠠᠴᠠ ᠪᠣᠯᠵᠤ ᠳᠠᠭᠠᠳᠬᠠᠯ ᠤᠨ ᠪᠠᠷᠢᠮᠵᠢᠶᠠᠨ ᠤ ᠠᠶᠤᠯ ᠤᠨ ᠨᠡᠮᠡᠭᠳᠡᠭᠡᠳ ᠭᠠᠷᠤᠭᠰᠠᠨ ᠳᠠᠭᠠᠳᠬᠠᠯ ᠤᠨ ᠠᠳᠡᠯ ᠢ ᠳᠠᠭᠠᠳᠬᠠᠭᠴᠢ ᠲᠥᠯᠥᠬᠦ ᠬᠠᠷᠢᠭᠤᠴᠠᠯᠭ᠎ᠠ ᠡᠭᠦᠷᠭᠡᠯᠡᠬᠦ ᠦᠭᠡᠶ᠃        ᠭᠤᠴᠢᠨ ᠳᠣᠯᠣᠳᠤᠭᠠᠷ ᠵᠦᠢᠯ    ᠳᠣᠤᠷᠠᠬᠢ ᠦᠢᠯᠡ ᠪᠠᠶᠢᠳᠠᠯ ᠤᠨ ᠨᠢᠭᠡ ᠨᠢ ᠪᠠᠶᠢᠪᠠᠯ ᠭᠡᠷ᠎ᠡ ᠳᠤ ᠠᠰᠲᠠᠭᠠᠨ ᠬᠡᠯᠡᠯᠴᠡᠨ ᠲᠣᠭᠲᠠᠭᠠᠭᠰᠠᠨ ᠢ ᠭᠠᠷᠭᠠᠪᠠᠯ᠂ ᠳᠠᠭᠠᠳᠬᠠᠭᠴᠢ ᠨᠢ ᠳᠠᠭᠠᠳᠬᠠᠯ ᠤᠨ ᠵᠠᠷᠤᠳᠠᠯ ᠢ ᠪᠠᠭᠤᠷᠠᠭᠤᠯᠬᠤ ᠶᠢᠨ ᠬᠠᠮᠲᠤ ᠳᠠᠭᠠᠳᠬᠠᠯ ᠤᠨ ᠵᠠᠷᠤᠳᠠᠯ ᠢ ᠡᠳᠦᠷ ᠢᠶᠠᠷ ᠲᠣᠭᠠᠴᠠᠨ ᠵᠣᠬᠢᠴᠠᠩᠭᠤᠶ ᠪᠠᠷ ᠪᠤᠴᠠᠭᠠᠬᠤ ᠬᠡᠷᠡᠭᠲᠡᠶ᠄        ︵ᠨᠢᠭᠡ︶ ᠳᠠᠭᠠᠳᠬᠠᠯ ᠤᠨ ᠵᠠᠷᠤᠳᠠᠯ ᠤᠨ ᠨᠣᠷᠮ᠎ᠠ ᠶᠢ ᠲᠣᠭᠲᠠᠭᠠᠭᠰᠠᠨ ᠬᠤᠯᠪᠣᠭᠳᠠᠯ ᠪᠦᠬᠦᠢ ᠪᠠᠶᠢᠳᠠᠯ ᠳᠤ ᠬᠤᠪᠢᠷᠠᠯᠲᠠ ᠭᠠᠷᠤᠭᠠᠳ᠂ ᠳᠠᠭᠠᠳᠬᠠᠯ ᠤᠨ ᠪᠠᠷᠢᠮᠵᠢᠶ᠎ᠠ ᠶᠢᠨ ᠠᠶᠤᠯ ᠤᠨ ᠬᠡᠮᠵᠢᠶ᠎ᠡ ᠢᠯᠡᠳᠲᠡ ᠪᠠᠭᠠᠰᠤᠭᠰᠠᠨ︔        ︵ᠬᠤᠶᠠᠷ︶ ᠳᠠᠭᠠᠳᠬᠠᠯ ᠤᠨ ᠪᠠᠷᠢᠮᠵᠢᠶ᠎ᠠ ᠶᠢᠨ ᠳᠠᠭᠠᠳᠬᠠᠯ ᠤᠨ ᠦᠨ᠎ᠡ ᠥᠷᠲᠡᠭ ᠨᠢ ᠢᠯᠡᠳᠲᠡ ᠪᠠᠭᠠᠰᠤᠭᠰᠠᠨ᠃        ᠭᠤᠴᠢᠨ ᠨᠠᠶ᠋ᠮᠠᠳᠤᠭᠠᠷ ᠵᠦᠢᠯ    ᠳᠠᠭᠠᠳᠬᠠᠯ ᠤᠨ ᠬᠠᠷᠢᠭᠤᠴᠠᠯᠭ᠎ᠠ ᠡᠬᠢᠯᠡᠬᠦ ᠠᠴᠠ ᠡᠮᠦᠨ᠎ᠡ᠂ ᠳᠠᠭᠠᠳᠬᠠᠭᠤᠯᠤᠭᠴᠢ ᠨᠢ ᠭᠡᠷ᠎ᠡ ᠪᠠᠨ ᠬᠦᠴᠦᠨ ᠦᠭᠡᠶ ᠪᠣᠯᠭᠠᠬᠤ ᠪᠠᠷ ᠱᠠᠭᠠᠷᠳᠠᠪᠠᠯ᠂ ᠳᠠᠭᠠᠳᠬᠠᠭᠴᠢ ᠳᠤ ᠭᠠᠷ ᠭᠦᠢᠴᠡᠳᠬᠡᠯ ᠤᠨ ᠵᠠᠷᠤᠳᠠᠯ ᠲᠤᠰᠢᠶᠠᠵᠤ᠂ ᠳᠠᠭᠠᠳᠬᠠᠭᠴᠢ ᠨᠢ ᠳᠠᠭᠠᠳᠬᠠᠯ ᠤᠨ ᠵᠠᠷᠤᠳᠠᠯ ᠢ ᠨᠢ ᠪᠤᠴᠠᠭᠠᠵᠤ ᠥᠭᠬᠦ ᠬᠡᠷᠡᠭᠲᠡᠶ᠃        ᠳᠠᠭᠠᠳᠬᠠᠯ ᠤᠨ ᠬᠠᠷᠢᠭᠤᠴᠠᠯᠭ᠎ᠠ ᠡᠬᠢᠯᠡᠭᠰᠡᠨ ᠤ ᠳᠠᠷᠠᠭ᠎ᠠ᠂ ᠳᠠᠭᠠᠳᠬᠠᠭᠤᠯᠤᠭᠴᠢ ᠨᠢ ᠭᠡᠷ᠎ᠡ ᠪᠠᠨ ᠬᠦᠴᠦᠨ ᠦᠭᠡᠶ ᠪᠣᠯᠭᠠᠬᠤ ᠪᠠᠷ ᠱᠠᠭᠠᠷᠳᠠᠬᠤ ᠳᠤ ᠬᠦᠷᠪᠡᠯ᠂ ᠳᠠᠭᠠᠳᠬᠠᠭᠴᠢ ᠨᠢ ᠳᠠᠭᠠᠳᠬᠠᠯ ᠤᠨ ᠬᠠᠷᠢᠭᠤᠴᠠᠯᠭ᠎ᠠ ᠡᠬᠢᠯᠡᠭᠰᠡᠨ ᠡᠳᠦᠷ ᠠᠴᠠ ᠡᠬᠢᠯᠡᠨ ᠭᠡᠷ᠎ᠡ ᠶᠢ ᠬᠦᠴᠦᠨ ᠦᠭᠡᠶ ᠪᠣᠯᠭᠠᠬᠤ ᠡᠳᠦᠷ ᠪᠣᠯᠲᠠᠯᠠᠬᠢ ᠬᠤᠭᠤᠴᠠᠭᠠᠨ ᠤ ᠳᠠᠭᠠᠳᠬᠠᠯ ᠤᠨ ᠵᠠᠷᠤᠳᠠᠯ ᠢ ᠬᠤᠷᠢᠶᠠᠨ ᠠᠪᠴᠤ᠂ ᠦᠯᠡᠳᠡᠭᠰᠡᠨ ᠬᠡᠰᠡᠭ ᠢ ᠨᠢ ᠳᠠᠭᠠᠳᠬᠠᠭᠤᠯᠤᠭᠴᠢ ᠳᠤ ᠪᠤᠴᠠᠭᠠᠨ ᠥᠭᠴᠦ ᠪᠣᠯᠤᠨ᠎ᠠ᠃        ᠭᠤᠴᠢ ᠶᠢᠰᠦᠳᠦᠭᠡᠷ ᠵᠦᠢᠯ    ᠳᠠᠭᠠᠳᠬᠠᠯ ᠤᠨ ᠪᠠᠷᠢᠮᠵᠢᠶ᠎ᠠ ᠶᠢᠨ ᠳᠠᠭᠠᠳᠬᠠᠯ ᠤᠨ ᠦᠨ᠎ᠡ ᠥᠷᠲᠡᠭ ᠢ ᠳᠠᠭᠠᠳᠬᠠᠭᠤᠯᠤᠭᠴᠢ ᠪᠣᠯᠤᠨ ᠳᠠᠭᠠᠳᠬᠠᠭᠴᠢ ᠬᠡᠯᠡᠯᠴᠡᠨ ᠲᠣᠭᠲᠠᠭᠠᠭᠠᠳ ᠭᠡᠷ᠎ᠡ ᠳᠡᠭᠡᠨ ᠲᠡᠮᠳᠡᠭᠯᠡᠨ ᠲᠣᠳᠣᠷᠬᠠᠶᠢᠯᠠᠵᠤ ᠪᠣᠯᠤᠨ᠎ᠠ᠂ ᠪᠠᠰᠠ ᠳᠠᠭᠠᠳᠬᠠᠯ ᠤᠨ ᠠᠳᠡᠯ ᠭᠠᠷᠤᠭᠰᠠᠨ  ᠦᠶ᠎ᠡ ᠳᠠᠬᠢ ᠳᠠᠭᠠᠳᠬᠠᠯ ᠤᠨ ᠪᠠᠷᠢᠮᠵᠢᠶ᠎ᠠ ᠶᠢ ᠪᠣᠳᠠᠲᠤ ᠦᠨ᠎ᠡ ᠥᠷᠲᠡᠭ ᠢᠶᠠᠷ ᠲᠣᠭᠲᠠᠭᠠᠵᠤ ᠪᠣᠯᠤᠨ᠎ᠠ᠃        ᠳᠠᠭᠠᠳᠬᠠᠯ ᠤᠨ ᠮᠥᠩᠭᠦᠨ ᠤ ᠲᠤᠭ᠎ᠠ ᠨᠢ ᠳᠠᠭᠠᠳᠬᠠᠯ ᠤᠨ ᠦᠨ᠎ᠡ ᠥᠷᠲᠡᠭ ᠠᠴᠠ ᠳᠠᠪᠠᠵᠤ ᠪᠣᠯᠬᠤ ᠦᠭᠡᠶ ︔ ᠳᠠᠭᠠᠳᠬᠠᠯ ᠤᠨ ᠦᠨ᠎ᠡ ᠥᠷᠲᠡᠭ ᠠᠴᠠ ᠳᠠᠪᠠᠭᠰᠠᠨ ᠪᠠᠶᠢᠪᠠᠯ ᠳᠠᠪᠠᠭᠰᠠᠨ ᠬᠡᠰᠡᠭ ᠨᠢ ᠬᠦᠴᠦᠨ ᠦᠭᠡᠶ᠃        ᠳᠠᠭᠠᠳᠬᠠᠯ ᠤᠨ ᠮᠥᠩᠭᠦᠨ ᠤ ᠲᠤᠭ᠎ᠠ ᠨᠢ ᠳᠠᠭᠠᠳᠬᠠᠯ ᠤᠨ ᠦᠨ᠎ᠡ ᠥᠷᠲᠡᠭ ᠠᠴᠠ ᠳᠣᠤᠷ᠎ᠠ ᠪᠠᠶᠢᠪᠠᠯ ᠭᠡᠷ᠎ᠡ ᠳᠤ ᠠᠰᠲᠠᠭᠠᠨ ᠬᠡᠯᠡᠯᠴᠡᠨ ᠲᠣᠭᠲᠠᠭᠠᠭᠰᠠᠨ ᠢ ᠭᠠᠷᠭᠠᠪᠠᠯ ᠳᠠᠭᠠᠳᠬᠠᠭᠴᠢ ᠨᠢ ᠳᠠᠭᠠᠳᠬᠠᠯ ᠤᠨ ᠮᠥᠩᠭᠦᠨ ᠤ ᠲᠤᠭ᠎ᠠ ᠪᠣᠯᠤᠨ ᠳᠠᠭᠠᠳᠬᠠᠯ ᠤᠨ ᠦᠨ᠎ᠡ ᠥᠷᠲᠡᠭ ᠤᠨ ᠬᠠᠷᠢᠴᠠᠯ ᠢᠶᠠᠷ ᠲᠥᠯᠥᠬᠦ ᠬᠠᠷᠢᠭᠤᠴᠠᠯᠭ᠎ᠠ ᠡᠭᠦᠷᠭᠡᠯᠡᠨ᠎ᠡ᠃        ᠳᠥᠴᠢᠳᠦᠭᠡᠷ ᠵᠦᠢᠯ    ᠳᠠᠪᠬᠤᠷ ᠳᠠᠭᠠᠳᠬᠠᠭᠰᠠᠨ ᠳᠠᠭᠠᠳᠬᠠᠭᠤᠯᠤᠭᠴᠢ ᠨᠢ ᠳᠠᠪᠬᠤᠷ ᠳᠠᠭᠠᠳᠬᠠᠭᠰᠠᠨ ᠳᠠᠭᠠᠳᠬᠠᠭᠤᠯᠤᠭᠴᠢ ᠪᠦᠬᠦᠢ ᠪᠠᠶᠢᠳᠠᠯ ᠢᠶᠠᠨ ᠳᠠᠭᠠᠳᠬᠠᠭᠴᠢ ᠨᠢᠭᠡᠪᠦᠷᠢ ᠳᠤ ᠮᠡᠳᠡᠭᠳᠡᠬᠦ ᠬᠡᠷᠡᠭᠲᠡᠶ᠃ᠳᠠᠪᠬᠤᠷ ᠳᠠᠭᠠᠳᠬᠠᠭᠰᠠᠨ ᠳᠠᠭᠠᠳᠬᠠᠯ ᠤᠨ ᠮᠥᠩᠭᠦᠨ ᠤ ᠲᠣᠭᠠᠨ ᠤ ᠶᠡᠷᠦᠩᠬᠡᠶ ᠨᠡᠶᠢᠯᠡᠪᠦᠷᠢ ᠨᠢ ᠳᠠᠭᠠᠳᠬᠠᠯ ᠤᠨ ᠦᠨ᠎ᠡ ᠥᠷᠲᠡᠭ ᠠᠴᠠ ᠳᠠᠪᠠᠭᠰᠠᠨ ᠪᠠᠶᠢᠪᠠᠯ ᠡᠯ᠎ᠡ ᠳᠠᠭᠠᠳᠬᠠᠭᠴᠢ ᠶᠢᠨ ᠲᠥᠯᠥᠪᠦᠷᠢ ᠮᠥᠩᠭᠦᠨ ᠤ ᠶᠡᠷᠦᠩᠬᠡᠶ ᠲᠤᠭ᠎ᠠ ᠶᠢ ᠳᠠᠭᠠᠳᠬᠠᠯ ᠤᠨ ᠦᠨ᠎ᠡ ᠥᠷᠲᠡᠭ ᠠᠴᠠ ᠳᠠᠪᠠᠭᠤᠯᠵᠤ ᠪᠣᠯᠬᠤ ᠦᠭᠡᠶ᠃ᠭᠡᠷ᠎ᠡ ᠳᠤ ᠠᠰᠲᠠᠭᠠᠨ ᠬᠡᠯᠡᠯᠴᠡᠨ ᠲᠣᠭᠲᠠᠭᠠᠭᠰᠠᠨ ᠢ ᠭᠠᠷᠭᠠᠪᠠᠯ᠂ ᠡᠯ᠎ᠡ ᠳᠠᠭᠠᠳᠬᠠᠭᠴᠢ ᠨᠢ ᠲᠡᠭᠦᠨ ᠤ ᠳᠠᠭᠠᠳᠬᠠᠯ ᠤᠨ ᠮᠥᠩᠭᠦᠨ ᠤ ᠲᠤᠭ᠎ᠠ ᠪᠣᠯᠤᠨ ᠳᠠᠭᠠᠳᠬᠠᠯ ᠤᠨ ᠮᠥᠩᠭᠦᠨ ᠤ ᠶᠡᠷᠦᠩᠬᠡᠶ ᠨᠡᠶᠢᠯᠡᠪᠦᠷᠢ ᠶᠢᠨ ᠬᠠᠷᠢᠴᠠᠯ ᠢᠶᠠᠷ ᠲᠥᠯᠥᠬᠦ ᠬᠠᠷᠢᠭᠤᠴᠠᠯᠭ᠎ᠠ ᠡᠭᠦᠷᠭᠡᠯᠡᠨ᠎ᠡ᠃ᠳᠠᠪᠬᠤᠷ ᠳᠠᠭᠠᠳᠬᠠᠯ ᠭᠡᠳᠡᠭ ᠨᠢ ᠳᠠᠭᠠᠳᠬᠠᠭᠤᠯᠤᠭᠴᠢ ᠠᠴᠠ ᠨᠢᠭᠡ ᠯᠡ ᠳᠠᠭᠠᠳᠬᠠᠯ ᠤᠨ ᠪᠠᠷᠢᠮᠵᠢᠶ᠎ᠠ᠂ ᠨᠢᠭᠡ ᠯᠡ ᠳᠠᠭᠠᠳᠬᠠᠯ ᠤᠨ ᠠᠰᠢᠭ ᠲᠤᠰᠠ᠂ ᠨᠢᠭᠡ ᠯᠡ ᠳᠠᠭᠠᠳᠬᠠᠯ ᠤᠨ ᠠᠳᠡᠯ ᠳᠤ ᠲᠤᠰ ᠲᠤᠰ ᠬᠤᠶᠠᠷ ᠠᠴᠠ ᠳᠡᠭᠡᠭᠰᠢ ᠳᠠᠭᠠᠳᠬᠠᠯ ᠤᠨ ᠬᠥᠮᠦᠨ ᠲᠠᠢ ᠳᠠᠭᠠᠳᠬᠠᠯ ᠤᠨ ᠭᠡᠷ᠎ᠡ ᠲᠣᠭᠲᠠᠭᠠᠭᠰᠠᠨ ᠳᠠᠭᠠᠳᠬᠠᠯ ᠢ ᠬᠡᠯᠡᠵᠦ ᠪᠠᠶᠢᠨ᠎ᠠ᠃        ᠳᠥᠴᠢᠨ ᠨᠢᠭᠡᠳᠦᠭᠡᠷ ᠵᠦᠢᠯ    ᠳᠠᠭᠠᠳᠬᠠᠯ ᠲᠠᠢ ᠠᠳᠡᠯ ᠭᠠᠷᠬᠤ ᠦᠶ᠎ᠡ ᠳᠤ ᠳᠠᠭᠠᠳᠬᠠᠭᠳᠠᠭᠴᠢ ᠨᠢ ᠴᠢᠳᠠᠬᠤ ᠶᠢᠨ ᠳᠣᠲᠣᠷ᠎ᠠ ᠴᠢᠬᠤᠯᠠ ᠪᠦᠬᠦᠢ ᠠᠷᠭ᠎ᠠ ᠬᠡᠮᠵᠢᠶ᠎ᠡ ᠠᠪᠴᠤ ᠪᠠᠶᠢᠭᠠᠳ᠂ ᠬᠤᠬᠢᠷᠠᠯ ᠢ ᠰᠡᠷᠭᠡᠶᠢᠯᠡᠬᠦ ᠪᠤᠶᠤ ᠪᠠᠭᠠᠰᠬᠠᠬᠤ ᠬᠠᠷᠢᠭᠤᠴᠠᠯᠭ᠎ᠠ ᠲᠠᠢ᠃        ᠳᠠᠭᠠᠳᠬᠠᠯ ᠤᠨ ᠠᠳᠡᠯ ᠭᠠᠷᠤᠭᠰᠠᠨ ᠤ ᠳᠠᠷᠠᠭ᠎ᠠ᠂ ᠳᠠᠭᠠᠳᠬᠠᠭᠳᠠᠭᠰᠠᠨ ᠬᠥᠮᠦᠨ ᠨᠢ ᠳᠠᠭᠠᠳᠬᠠᠯ ᠤᠨ ᠬᠤᠬᠢᠷᠠᠯ ᠠᠴᠠ ᠰᠡᠷᠭᠡᠶᠢᠯᠡᠬᠦ ᠪᠤᠶᠤ ᠬᠤᠬᠢᠷᠠᠯ ᠢ ᠪᠠᠭᠠᠰᠬᠠᠬᠤ ᠶᠢᠨ ᠲᠥᠯᠥᠭᠡ ᠵᠠᠷᠤᠴᠠᠭᠤᠯᠤᠭᠰᠠᠨ ᠴᠢᠬᠤᠯᠠ ᠪᠦᠬᠦᠢ ᠵᠦᠢ ᠵᠣᠬᠢᠰᠲᠠᠶ ᠵᠠᠷᠤᠳᠠᠯ ᠢ ᠳᠠᠭᠠᠳᠬᠠᠭᠴᠢ ᠡᠭᠦᠷᠭᠡᠯᠡᠨ᠎ᠡ︔ ᠳᠠᠭᠠᠳᠬᠠᠭᠴᠢ ᠶᠢᠨ ᠡᠭᠦᠷᠭᠡᠯᠡᠬᠦ ᠲᠤᠭ᠎ᠠ ᠬᠡᠮᠵᠢᠶ᠎ᠡ ᠶᠢ ᠳᠠᠭᠠᠳᠬᠠᠯ ᠤᠨ ᠪᠠᠷᠢᠮᠵᠢᠶ᠎ᠠ ᠶᠢᠨ ᠬᠤᠬᠢᠷᠠᠯ ᠤᠨ ᠲᠥᠯᠥᠪᠦᠷᠢ ᠮᠥᠩᠭᠦ ᠠᠴᠠ ᠭᠠᠳᠠᠨ᠎ᠠ ᠪᠣᠳᠣᠨ᠎ᠠ᠂ ᠬᠠᠮᠤᠭ ᠥᠨᠳᠥᠷ ᠲᠡᠭᠡᠨ ᠳᠠᠭᠠᠳᠬᠠᠯ ᠤᠨ ᠮᠥᠩᠭᠦᠨ ᠤ ᠲᠤᠭ᠎ᠠ ᠠᠴᠠ ᠳᠠᠪᠠᠭᠤᠯᠵᠤ ᠪᠣᠯᠬᠤ ᠦᠭᠡᠶ᠃        ᠳᠥᠴᠢᠨ ᠬᠤᠶᠠᠳᠤᠭᠠᠷ ᠵᠦᠢᠯ    ᠳᠠᠭᠠᠳᠬᠠᠯ ᠤᠨ ᠪᠠᠷᠢᠮᠵᠢᠶ᠎ᠠ ᠳᠤ ᠬᠡᠰᠡᠭ ᠬᠤᠬᠢᠷᠠᠯ ᠭᠠᠷᠤᠭᠰᠠᠨ ᠪᠣᠯ ᠳᠠᠭᠠᠳᠬᠠᠭᠴᠢ ᠠᠴᠠ ᠲᠥᠯᠥᠭᠰᠡᠨ ᠤ ᠳᠠᠷᠠᠭ᠎ᠠ ᠭᠤᠴᠢᠨ ᠡᠳᠦᠷ ᠤᠨ ᠳᠣᠲᠣᠷ᠎ᠠ ᠳᠠᠭᠠᠳᠬᠠᠭᠤᠯᠤᠭᠴᠢ ᠨᠢ ᠭᠡᠷ᠎ᠡ ᠪᠠᠨ ᠡᠴᠦᠰᠯᠡᠭᠦᠯᠵᠦ ᠪᠣᠯᠤᠨ᠎ᠠ ᠃ ᠭᠡᠷ᠎ᠡ ᠪᠠᠨ ᠡᠴᠦᠰᠯᠡᠭᠦᠯᠵᠦ ᠪᠣᠯᠬᠤ ᠦᠭᠡᠢ ᠭᠡᠵᠦ ᠭᠡᠷ᠎ᠡ ᠳᠤ ᠬᠡᠯᠡᠯᠴᠡᠨ ᠲᠣᠭᠲᠠᠭᠠᠭᠰᠠᠨ ᠢ ᠭᠠᠷᠭᠠᠪᠠᠯ᠂ ᠳᠠᠭᠠᠳᠬᠠᠭᠴᠢ ᠨᠢ ᠴᠦ ᠭᠡᠷ᠎ᠡ ᠪᠠᠨ ᠡᠴᠦᠰᠯᠡᠭᠦᠯᠵᠦ ᠪᠣᠯᠤᠨ᠎ᠠ᠃        ᠳᠠᠭᠠᠳᠬᠠᠭᠴᠢ ᠨᠢ ᠭᠡᠷ᠎ᠡ ᠪᠠᠨ ᠡᠴᠦᠰᠯᠡᠭᠦᠯᠬᠦ ᠭᠡᠪᠡᠯ ᠳᠠᠭᠠᠳᠬᠠᠭᠤᠯᠤᠭᠴᠢ ᠳᠤ ᠠᠷᠪᠠᠨ ᠲᠠᠪᠤᠨ ᠡᠳᠦᠷ ᠤᠨ ᠡᠮᠦᠨ᠎ᠡ ᠮᠡᠳᠡᠭᠳᠡᠬᠦ ᠶᠢᠨ ᠬᠠᠮᠲᠤ ᠳᠠᠭᠠᠳᠬᠠᠯ ᠤᠨ ᠪᠠᠷᠢᠮᠵᠢᠶ᠎ᠠ ᠶᠢᠨ ᠬᠤᠬᠢᠷᠠᠯ ᠳᠤ ᠤᠴᠠᠷᠠᠭᠰᠠᠨ ᠳᠠᠭᠠᠳᠬᠠᠯ ᠤᠨ ᠬᠡᠰᠡᠭ ᠤᠨ ᠬᠢᠨᠢ ᠳᠠᠭᠠᠳᠬᠠᠯ ᠤᠨ ᠵᠠᠷᠤᠳᠠᠯ ᠢ ᠳᠠᠭᠠᠳᠬᠠᠯ ᠤᠨ ᠬᠠᠷᠢᠭᠤᠴᠠᠯᠭ᠎ᠠ ᠡᠬᠢᠯᠡᠭᠰᠡᠨ ᠡᠳᠦᠷ ᠠᠴᠠ ᠡᠬᠢᠯᠡᠨ ᠭᠡᠷ᠎ᠡ ᠡᠴᠦᠰᠯᠡᠬᠦ ᠡᠳᠦᠷ ᠠᠴᠠ ᠭᠡᠷ᠎ᠡ ᠲᠣᠭᠲᠠᠭᠰᠠᠨ ᠬᠤᠭᠤᠴᠠᠭᠠᠨ ᠤ ᠬᠤᠷᠢᠶᠠᠪᠠᠰᠤ ᠵᠣᠬᠢᠬᠤ ᠶᠢ ᠨᠢ ᠰᠠᠭᠤᠯᠭᠠᠨ ᠠᠪᠤᠭᠰᠠᠨ ᠤ ᠳᠠᠷᠠᠭ᠎ᠠ᠂ ᠪᠤᠰᠤᠳ ᠢ ᠨᠢ ᠳᠠᠭᠠᠳᠬᠠᠭᠤᠯᠤᠭᠴᠢ ᠳᠤ ᠪᠤᠴᠠᠭᠠᠵᠤ ᠥᠭᠬᠦ ᠬᠡᠷᠡᠭᠲᠡᠶ᠃        ᠳᠥᠴᠢᠨ ᠭᠤᠷᠪᠠᠳᠤᠭᠠᠷ ᠵᠦᠢᠯ    ᠳᠠᠭᠠᠳᠬᠠᠯ ᠤᠨ ᠠᠳᠡᠯ ᠭᠠᠷᠤᠭᠰᠠᠨ ᠤ ᠳᠠᠷᠠᠭ᠎ᠠ᠂ ᠳᠠᠭᠠᠳᠬᠠᠭᠴᠢ ᠨᠢ ᠪᠦᠭᠦᠳᠡ ᠳᠠᠭᠠᠳᠬᠠᠯ ᠤᠨ ᠮᠥᠩᠭᠦ ᠶᠢ ᠨᠢᠭᠡᠨᠲᠡ ᠲᠤᠰᠢᠶᠠᠭᠰᠠᠨ ᠮᠥᠷᠲᠡᠭᠡᠨ ᠳᠠᠭᠠᠳᠬᠠᠯ ᠤᠨ ᠮᠥᠩᠭᠦᠨ ᠤ ᠲᠤᠭ᠎ᠠ ᠨᠢ ᠳᠠᠭᠠᠳᠬᠠᠯ ᠤᠨ ᠦᠨ᠎ᠡ ᠥᠷᠲᠡᠭ ᠲᠠᠢ ᠲᠡᠩᠴᠡᠭᠰᠡᠨ ᠪᠣᠯ ᠬᠤᠬᠢᠷᠠᠯ ᠤᠴᠠᠷᠠᠭᠰᠠᠨ ᠳᠠᠭᠠᠳᠬᠠᠯ ᠤᠨ ᠪᠠᠷᠢᠮᠵᠢᠶ᠎ᠠ ᠶᠢᠨ ᠪᠦᠭᠦᠳᠡ ᠡᠷᠬᠡ ᠠᠰᠢᠭ ᠨᠢ ᠳᠠᠭᠠᠳᠬᠠᠭᠴᠢ ᠶᠢᠨ ᠬᠢ ᠪᠣᠯᠤᠨ᠎ᠠ︔ ᠳᠠᠭᠠᠳᠬᠠᠯ ᠤᠨ ᠮᠥᠩᠭᠦᠨ ᠤ ᠲᠤᠭ᠎ᠠ ᠨᠢ ᠳᠠᠭᠠᠳᠬᠠᠯ ᠤᠨ ᠦᠨ᠎ᠡ ᠥᠷᠲᠡᠭ ᠠᠴᠠ ᠳᠣᠤᠷ᠎ᠠ ᠪᠠᠶᠢᠪᠠᠯ ᠳᠠᠭᠠᠳᠬᠠᠭᠴᠢ ᠨᠢ ᠳᠠᠭᠠᠳᠬᠠᠯ ᠤᠨ ᠮᠥᠩᠭᠦᠨ ᠤ ᠲᠤᠭ᠎ᠠ ᠪᠣᠯᠤᠨ ᠳᠠᠭᠠᠳᠬᠠᠯ ᠤᠨ ᠦᠨ᠎ᠡ ᠥᠷᠲᠡᠭ ᠤᠨ ᠬᠠᠷᠢᠴᠠᠯ ᠢᠶᠠᠷ ᠬᠤᠬᠢᠷᠠᠯ ᠳᠤ ᠤᠴᠠᠷᠠᠭᠰᠠᠨ ᠳᠠᠭᠠᠳᠬᠠᠯ ᠤᠨ ᠪᠠᠷᠢᠮᠵᠢᠶ᠎ᠠ ᠶᠢᠨ ᠬᠡᠰᠡᠭ ᠡᠷᠬᠡ ᠠᠰᠢᠭ ᠢ ᠣᠯᠤᠨ᠎ᠠ᠃        ᠳᠥᠴᠢᠨ ᠳᠥᠷᠪᠡᠳᠦᠭᠡᠷ ᠵᠦᠢᠯ    ᠭᠤᠷᠪᠠᠳᠠᠬᠢ ᠡᠲᠡᠭᠡᠳ ᠳᠠᠭᠠᠳᠬᠠᠯ ᠤᠨ ᠪᠠᠷᠢᠮᠵᠢᠶ᠎ᠠ ᠶᠢ ᠬᠤᠬᠢᠷᠠᠭᠤᠯᠤᠭᠰᠠᠨ ᠠᠴᠠ ᠪᠣᠯᠣᠭᠠᠳ ᠳᠠᠭᠠᠳᠬᠠᠯ ᠤᠨ ᠠᠳᠡᠯ ᠭᠠᠷᠤᠭᠰᠠᠨ ᠪᠠᠶᠢᠪᠠᠯ ᠳᠠᠭᠠᠳᠬᠠᠭᠴᠢ ᠨᠢ ᠳᠠᠭᠠᠳᠬᠠᠭᠳᠠᠭᠴᠢ ᠳᠤ ᠳᠠᠭᠠᠳᠬᠠᠯ ᠤᠨ ᠮᠥᠩᠭᠦ ᠲᠥᠯᠥᠭᠰᠡᠨ ᠡᠳᠦᠷ ᠠᠴᠠ ᠡᠬᠢᠯᠡᠭᠡᠳ ᠲᠥᠯᠥᠪᠦᠷᠢ ᠮᠥᠩᠭᠦᠨ ᠤ ᠬᠡᠪᠴᠢᠶᠡᠨ ᠳᠤ ᠳᠠᠭᠠᠳᠬᠠᠭᠳᠠᠭᠴᠢ ᠶᠢ ᠣᠷᠣᠯᠠᠵᠤ᠂ ᠭᠤᠷᠪᠠᠳᠠᠬᠢ ᠡᠲᠡᠭᠡᠳ ᠠᠴᠠ ᠲᠥᠯᠥᠪᠦᠷᠢ ᠠᠪᠬᠤ ᠪᠠᠷ ᠱᠠᠭᠠᠷᠳᠠᠵᠤ ᠡᠷᠬᠡ ᠶᠢ ᠬᠡᠷᠡᠭᠵᠢᠭᠦᠯᠵᠦ ᠪᠣᠯᠤᠨ᠎ᠠ᠃        ᠡᠮᠦᠨᠡᠬᠢ ᠪᠠᠳᠠᠭ ᠲᠤ ᠲᠣᠭᠲᠠᠭᠠᠭᠰᠠᠨ ᠳᠠᠭᠠᠳᠬᠠᠯ ᠤᠨ ᠠᠳᠡᠯ ᠭᠠᠷᠤᠭᠰᠠᠨ ᠤ ᠳᠠᠷᠠᠭ᠎ᠠ᠂ ᠳᠠᠭᠠᠳᠬᠠᠭᠳᠠᠭᠴᠢ ᠨᠢ ᠨᠢᠭᠡᠨᠲᠡ ᠭᠤᠷᠪᠠᠳᠠᠬᠢ ᠡᠲᠡᠭᠡᠳ ᠠᠴᠠ ᠬᠤᠬᠢᠷᠠᠯ ᠤᠨ ᠲᠥᠯᠥᠪᠦᠷᠢ ᠶᠢ ᠠᠪᠤᠭᠰᠠᠨ ᠪᠠᠶᠢᠪᠠᠯ ᠳᠠᠭᠠᠳᠬᠠᠭᠴᠢ ᠨᠢ ᠳᠠᠭᠠᠳᠬᠠᠯ ᠤᠨ ᠮᠥᠩᠭᠦ ᠲᠥᠯᠥᠬᠦ ᠳᠡᠭᠡᠨ ᠳᠠᠭᠠᠳᠬᠠᠭᠳᠠᠭᠴᠢ ᠶᠢᠨ ᠭᠤᠷᠪᠠᠳᠠᠬᠢ ᠡᠲᠡᠭᠡᠳ ᠠᠴᠠ ᠠᠪᠤᠭᠰᠠᠨ ᠲᠥᠯᠥᠪᠦᠷᠢ ᠮᠥᠩᠭᠦ ᠠᠴᠠ ᠵᠣᠬᠢᠴᠠᠩᠭᠤᠶ ᠪᠠᠷ ᠰᠠᠭᠤᠯᠭᠠᠨ ᠬᠠᠰᠤᠵᠤ ᠪᠣᠯᠤᠨ᠎ᠠ᠃        ᠳᠠᠭᠠᠳᠬᠠᠭᠴᠢ ᠨᠢ ᠨᠢᠭᠡᠳᠦᠭᠡᠷ ᠪᠠᠳᠠᠭ ᠤᠨ ᠶᠣᠰᠣᠭᠠᠷ ᠳᠠᠭᠠᠳᠬᠠᠭᠳᠠᠭᠴᠢ ᠶᠢ ᠣᠷᠣᠯᠠᠵᠤ ᠲᠥᠯᠥᠪᠦᠷᠢ ᠠᠪᠬᠤ ᠪᠠᠷ ᠱᠠᠭᠠᠷᠳᠠᠬᠤ ᠡᠷᠬᠡ ᠲᠠᠢ᠂ ᠳᠠᠭᠠᠳᠬᠠᠭᠳᠠᠭᠴᠢ ᠶᠢᠨ ᠲᠥᠯᠥᠪᠦᠷᠢ ᠠᠪᠤᠭᠰᠠᠨ ᠦᠭᠡᠶ ᠬᠡᠰᠡᠭ ᠢᠶᠠᠨ ᠭᠤᠷᠪᠠᠳᠠᠬᠢ ᠡᠲᠡᠭᠡᠳ ᠢᠶᠠᠷ ᠲᠥᠯᠥᠭᠦᠯᠬᠦ ᠶᠢ ᠱᠠᠭᠠᠷᠳᠠᠬᠤ ᠡᠷᠬᠡ ᠶᠢ ᠨᠥᠯᠥᠭᠡᠯᠡᠬᠦ ᠦᠭᠡᠶ᠃        ᠳᠥᠴᠢᠨ ᠲᠠᠪᠤᠳᠤᠭᠠᠷ ᠵᠦᠢᠯ    ᠳᠠᠭᠠᠳᠬᠠᠯ ᠤᠨ ᠠᠳᠡᠯ ᠭᠠᠷᠤᠭᠰᠠᠨ ᠤ ᠳᠠᠷᠠᠭ᠎ᠠ᠂ ᠳᠠᠭᠠᠳᠬᠠᠭᠴᠢ ᠨᠢ ᠳᠠᠭᠠᠳᠬᠠᠯ ᠤᠨ ᠮᠥᠩᠭᠦ ᠲᠥᠯᠥᠬᠦ ᠠᠴᠠ ᠡᠮᠦᠨ᠎ᠡ᠂ ᠳᠠᠭᠠᠳᠬᠠᠭᠳᠠᠭᠴᠢ ᠨᠢ ᠭᠤᠷᠪᠠᠳᠠᠬᠢ ᠡᠲᠡᠭᠡᠳ ᠠᠴᠠ ᠲᠥᠯᠥᠪᠦᠷᠢ ᠠᠪᠬᠤ ᠪᠠᠷ ᠱᠠᠭᠠᠷᠳᠠᠬᠤ ᠡᠷᠬᠡ ᠪᠠᠨ ᠣᠷᠬᠢᠭᠰᠠᠨ ᠪᠣᠯ ᠳᠠᠭᠠᠳᠬᠠᠭᠴᠢ ᠨᠢ ᠳᠠᠭᠠᠳᠬᠠᠯ ᠤᠨ ᠮᠥᠩᠭᠦ ᠲᠥᠯᠥᠬᠦ ᠬᠠᠷᠢᠭᠤᠴᠠᠯᠭ᠎ᠠ ᠡᠭᠦᠷᠭᠡᠯᠡᠬᠦ ᠦᠭᠡᠶ᠃        ᠳᠠᠭᠠᠳᠬᠠᠭᠴᠢ ᠨᠢ ᠳᠠᠭᠠᠳᠬᠠᠭᠳᠠᠭᠴᠢ ᠳᠤ ᠳᠠᠭᠠᠳᠬᠠᠯ ᠤᠨ ᠮᠥᠩᠭᠦ ᠲᠥᠯᠥᠭᠰᠡᠨ ᠤ ᠳᠠᠷᠠᠭ᠎ᠠ᠂ ᠳᠠᠭᠠᠳᠬᠠᠭᠳᠠᠭᠴᠢ ᠨᠢ ᠳᠠᠭᠠᠳᠬᠠᠭᠴᠢ ᠶᠢᠨ ᠵᠥᠪᠰᠢᠶᠡᠷᠡᠯ ᠢ ᠣᠯᠤᠭᠰᠠᠨ ᠦᠭᠡᠶ ᠪᠠᠷ ᠭᠤᠷᠪᠠᠳᠠᠬᠢ ᠡᠲᠡᠭᠡᠳ ᠠᠴᠠ ᠲᠥᠯᠥᠪᠦᠷᠢ ᠠᠪᠬᠤ ᠪᠠᠷ ᠱᠠᠭᠠᠷᠳᠠᠬᠤ ᠡᠷᠬᠡ ᠪᠠᠨ ᠣᠷᠬᠢᠭᠰᠠᠨ ᠪᠠᠶᠢᠪᠠᠯ ᠲᠤᠰ ᠦᠢᠯᠡ ᠠᠵᠢᠯᠯᠠᠭ᠎ᠠ ᠨᠢ ᠬᠦᠴᠦᠨ ᠦᠭᠡᠶ᠃        ᠳᠠᠭᠠᠳᠬᠠᠭᠳᠠᠭᠴᠢ ᠶᠢᠨ ᠪᠤᠷᠤᠭᠤ ᠠᠴᠠ ᠪᠣᠯᠵᠤ ᠳᠠᠭᠠᠳᠬᠠᠭᠴᠢ ᠨᠢ ᠳᠠᠭᠠᠳᠬᠠᠳᠠᠭᠴᠢ ᠶᠢ ᠣᠷᠣᠯᠠᠵᠤ ᠲᠥᠯᠥᠪᠦᠷᠢ ᠠᠪᠬᠤ ᠪᠠᠷ ᠱᠠᠭᠠᠷᠳᠠᠬᠤ ᠡᠷᠬᠡ ᠶᠢ ᠬᠡᠷᠡᠭᠵᠢᠭᠦᠯᠵᠦ ᠴᠢᠳᠠᠬᠤ ᠦᠭᠡᠶ ᠪᠣᠯ ᠳᠠᠭᠠᠳᠬᠠᠭᠴᠢ ᠨᠢ ᠳᠠᠭᠠᠳᠬᠠᠯ ᠤᠨ ᠲᠥᠯᠥᠪᠦᠷᠢ ᠮᠥᠩᠭᠦ ᠶᠢ ᠵᠣᠬᠢᠴᠠᠩᠭᠤᠶ ᠪᠠᠷ ᠰᠠᠭᠤᠯᠭᠠᠨ ᠬᠠᠰᠤᠵᠤ ᠪᠣᠯᠤᠨ᠎ᠠ᠃        ᠳᠥᠴᠢᠨ ᠵᠢᠷᠭᠤᠳᠤᠭᠠᠷ ᠵᠦᠢᠯ    ᠳᠠᠭᠠᠳᠬᠠᠭᠳᠠᠭᠴᠢ ᠶᠢᠨ ᠭᠡᠷ ᠪᠦᠯᠢ ᠶᠢᠨ ᠬᠢᠨ ᠪᠤᠶᠤ ᠲᠡᠭᠦᠨ ᠤ ᠲᠤᠰ ᠬᠠᠤᠯᠢ ᠶᠢᠨ ᠳᠥᠴᠢᠨ ᠳᠥᠷᠪᠡᠳᠦᠭᠡᠷ ᠵᠦᠢᠯ ᠤᠨ ᠨᠢᠭᠡᠳᠦᠭᠡᠷ ᠪᠠᠳᠠᠭ ᠲᠤ ᠲᠣᠭᠲᠠᠭᠠᠭᠰᠠᠨ ᠳᠠᠭᠠᠳᠬᠠᠯ ᠤᠨ ᠠᠳᠡᠯ ᠢ ᠵᠣᠷᠢᠭᠤᠳᠠ ᠭᠠᠷᠭᠠᠭᠰᠠᠨ ᠢ ᠭᠠᠷᠭᠠᠪᠠᠯ᠂ ᠳᠠᠭᠠᠳᠬᠠᠭᠴᠢ ᠨᠢ ᠳᠠᠭᠠᠳᠬᠠᠭᠳᠠᠭᠴᠢ ᠶᠢᠨ ᠭᠡᠷ ᠪᠦᠯᠢ ᠶᠢᠨ ᠬᠢᠨ ᠪᠤᠶᠤ ᠲᠡᠭᠦᠨ ᠤ ᠪᠦᠷᠢᠯᠳᠦᠬᠦᠨ ᠢ ᠣᠷᠣᠯᠠᠨ ᠲᠥᠯᠥᠪᠦᠷᠢ ᠱᠠᠭᠠᠷᠳᠠᠬᠤ ᠡᠷᠬᠡ ᠶᠢ ᠬᠡᠷᠡᠭᠵᠢᠭᠦᠯᠵᠦ ᠪᠣᠯᠬᠤ ᠦᠭᠡᠶ᠃        ᠳᠥᠴᠢᠨ ᠳᠣᠯᠣᠳᠤᠭᠠᠷ ᠵᠦᠢᠯ    ᠳᠠᠭᠠᠳᠬᠠᠭᠴᠢ ᠠᠴᠠ ᠳᠠᠭᠠᠳᠬᠠᠭᠳᠠᠭᠴᠢ ᠶᠢ ᠣᠷᠣᠯᠠᠨ ᠭᠤᠷᠪᠠᠳᠠᠬᠢ ᠡᠲᠡᠭᠡᠳ ᠠᠴᠠ ᠲᠥᠯᠥᠪᠦᠷᠢ ᠠᠪᠬᠤ ᠪᠠᠷ ᠱᠠᠭᠠᠷᠳᠠᠬᠤ ᠡᠷᠬᠡ ᠪᠠᠨ ᠬᠡᠷᠡᠭᠵᠢᠭᠦᠯᠬᠦ ᠳᠤ ᠳᠠᠭᠠᠳᠬᠠᠭᠳᠠᠭᠴᠢ ᠨᠢ ᠳᠠᠭᠠᠳᠬᠠᠭᠴᠢ ᠳᠤ ᠴᠢᠬᠤᠯᠠ ᠪᠦᠬᠦᠢ ᠪᠢᠴᠢᠭ ᠮᠠᠲ᠋ᠧᠷᠢᠶᠠᠯ ᠪᠣᠯᠤᠨ ᠥᠪᠡᠷ ᠤᠨ ᠮᠡᠳᠡᠬᠦ ᠬᠤᠯᠪᠣᠭᠳᠠᠯ ᠪᠦᠬᠦᠢ ᠪᠠᠶᠢᠳᠠᠯ ᠢ ᠬᠠᠩᠭᠠᠬᠤ ᠬᠡᠷᠡᠭᠲᠡᠶ᠃        ᠳᠥᠴᠢᠨ ᠨᠠᠶ᠋ᠮᠠᠳᠤᠭᠠᠷ ᠵᠦᠢᠯ    ᠳᠠᠭᠠᠳᠬᠠᠭᠴᠢ ᠪᠣᠯᠤᠨ ᠳᠠᠭᠠᠳᠬᠠᠭᠳᠠᠭᠴᠢ ᠠᠴᠠ ᠳᠠᠭᠠᠳᠬᠠᠯ ᠤᠨ ᠠᠳᠡᠯ ᠤᠨ ᠰᠢᠨᠵᠢ ᠴᠢᠨᠠᠷ᠂ ᠰᠢᠯᠲᠠᠭᠠᠨ ᠪᠠ ᠳᠠᠭᠠᠳᠬᠠᠯ ᠤᠨ ᠪᠠᠷᠢᠮᠵᠢᠶ᠎ᠠ ᠶᠢᠨ ᠬᠤᠬᠢᠷᠠᠯ ᠤᠨ ᠬᠡᠮᠵᠢᠶ᠎ᠡ ᠶᠢ ᠪᠠᠶᠢᠴᠠᠭᠠᠨ ᠲᠣᠳᠣᠷᠬᠠᠶᠢᠯᠠᠬᠤ ᠪᠠ ᠲᠣᠭᠲᠠᠭᠠᠬᠤ ᠳᠤ ᠵᠠᠷᠤᠴᠠᠭᠤᠯᠬᠤ ᠴᠢᠬᠤᠯᠠ ᠪᠦᠬᠦᠢ ᠵᠦᠢ ᠵᠣᠬᠢᠰᠲᠠᠶ ᠵᠠᠷᠤᠳᠠᠯ ᠢ ᠳᠠᠭᠠᠳᠬᠠᠭᠴᠢ ᠡᠭᠦᠷᠭᠡᠯᠡᠬᠦ ᠬᠡᠷᠡᠭᠲᠡᠶ᠃        ᠳᠥᠴᠢ ᠶᠢᠰᠦᠳᠦᠭᠡᠷ ᠵᠦᠢᠯ    ᠬᠠᠷᠢᠭᠤᠴᠠᠯᠭ᠎ᠠ ᠶᠢᠨ ᠳᠠᠭᠠᠳᠬᠠᠯ ᠤᠨ ᠳᠠᠭᠠᠳᠬᠠᠭᠳᠠᠭᠴᠢ ᠠᠴᠠ ᠭᠤᠷᠪᠠᠳᠠᠬᠢ ᠡᠲᠡᠭᠡᠳ ᠲᠤ ᠤᠴᠠᠷᠠᠭᠤᠯᠤᠭᠰᠠᠨ ᠬᠤᠬᠢᠷᠠᠯ ᠢ ᠳᠠᠭᠠᠳᠬᠠᠭᠴᠢ ᠬᠠᠤᠯᠢ ᠴᠠᠭᠠᠵᠠ ᠶᠢᠨ ᠲᠣᠭᠲᠠᠭᠠᠯ ᠪᠤᠶᠤ ᠭᠡᠷ᠎ᠡ ᠳᠤ ᠬᠡᠯᠡᠯᠴᠡᠨ ᠲᠣᠭᠲᠠᠭᠠᠭᠰᠠᠨ ᠶᠣᠰᠣᠭᠠᠷ ᠲᠤᠰ ᠭᠤᠷᠪᠠᠳᠠᠬᠢ ᠡᠲᠡᠭᠡᠳ ᠲᠤ ᠳᠠᠭᠠᠳᠬᠠᠯ ᠤᠨ ᠮᠥᠩᠭᠦ ᠲᠥᠯᠥᠵᠦ ᠪᠣᠯᠤᠨ᠎ᠠ᠃        ᠬᠠᠷᠢᠭᠤᠴᠠᠯᠭ᠎ᠠ ᠶᠢᠨ ᠳᠠᠭᠠᠳᠬᠠᠯ ᠭᠡᠳᠡᠭ ᠨᠢ ᠳᠠᠭᠠᠳᠬᠠᠭᠳᠠᠭᠴᠢ ᠶᠢᠨ ᠭᠤᠷᠪᠠᠳᠠᠬᠢ ᠡᠲᠡᠭᠡᠳ ᠲᠤ ᠬᠠᠤᠯᠢ ᠶᠣᠰᠣᠭᠠᠷ ᠡᠭᠦᠷᠭᠡᠯᠡᠬᠦ ᠬᠡᠷᠡᠭᠲᠡᠶ ᠲᠥᠯᠥᠪᠦᠷᠢ ᠶᠢᠨ ᠬᠠᠷᠢᠭᠤᠴᠠᠯᠭ᠎ᠠ ᠪᠠᠷ ᠳᠠᠭᠠᠳᠬᠠᠯ ᠤᠨ ᠪᠠᠷᠢᠮᠵᠢᠶ᠎ᠠ ᠪᠣᠯᠭᠠᠭᠰᠠᠨ ᠳᠠᠭᠠᠳᠬᠠᠯ ᠢ ᠬᠡᠯᠡᠵᠦ ᠪᠠᠶᠢᠨ᠎ᠠ᠃        ᠲᠠᠪᠢᠳᠤᠭᠠᠷ ᠵᠦᠢᠯ    ᠬᠠᠷᠢᠭᠤᠴᠠᠯᠭ᠎ᠠ ᠶᠢᠨ ᠳᠠᠭᠠᠳᠬᠠᠯ ᠤᠨ ᠳᠠᠭᠠᠳᠬᠠᠭᠳᠠᠭᠴᠢ ᠨᠢ ᠭᠤᠷᠪᠠᠳᠠᠬᠢ ᠡᠲᠡᠭᠡᠳ ᠲᠤ ᠬᠤᠬᠢᠷᠠᠯ ᠤᠴᠠᠷᠠᠭᠤᠯᠤᠭᠰᠠᠨ ᠳᠠᠭᠠᠳᠬᠠᠯ ᠤᠨ ᠠᠳᠡᠯ ᠠᠴᠠ ᠪᠣᠯᠵᠤ ᠬᠥᠨᠳᠡᠯᠡᠨ ᠠᠴᠠ ᠲᠠᠰᠤᠯᠤᠭᠤᠯᠬᠤ ᠪᠤᠶᠤ ᠵᠠᠷᠭᠤᠯᠳᠤᠭᠰᠠᠨ ᠪᠠᠶᠢᠪᠠᠯ ᠭᠡᠷ᠎ᠡ ᠳᠤ ᠠᠰᠲᠠᠭᠠᠨ ᠬᠡᠯᠡᠯᠴᠡᠨ ᠲᠣᠭᠲᠠᠭᠠᠭᠰᠠᠨ ᠢ ᠭᠠᠷᠭᠠᠪᠠᠯ᠂ ᠳᠠᠭᠠᠳᠬᠠᠭᠳᠠᠭᠴᠢ ᠶᠢᠨ ᠵᠠᠷᠤᠴᠠᠭᠤᠯᠬᠤ ᠬᠥᠨᠳᠡᠯᠡᠨ ᠠᠴᠠ ᠲᠠᠰᠤᠯᠤᠭᠤᠯᠤᠭᠰᠠᠨ ᠪᠤᠶᠤ ᠵᠠᠷᠭᠤᠯᠳᠤᠭᠠᠨ ᠤ ᠵᠠᠷᠤᠳᠠᠯ ᠵᠢᠴᠢ ᠪᠤᠰᠤᠳ ᠴᠢᠬᠤᠯᠠ ᠪᠦᠬᠦᠢ ᠵᠦᠢ ᠵᠣᠬᠢᠰᠲᠠᠶ ᠵᠠᠷᠤᠳᠠᠯ ᠢ ᠳᠠᠭᠠᠳᠬᠠᠭᠴᠢ ᠡᠭᠦᠷᠭᠡᠯᠡᠨ᠎ᠡ᠃        ᠭᠤᠷᠪᠠᠳᠤᠭᠠᠷ ᠬᠡᠰᠡᠭ    ᠪᠡᠶ᠎ᠡ ᠶᠢᠨ ᠳᠠᠭᠠᠳᠬᠠᠯ ᠤᠨ ᠭᠡᠷ᠎ᠡ           ᠲᠠᠪᠢᠨ ᠨᠢᠭᠡᠳᠦᠭᠡᠷ ᠵᠦᠢᠯ    ᠪᠡᠶ᠎ᠡ ᠶᠢᠨ ᠳᠠᠭᠠᠳᠬᠠᠯ ᠤᠨ ᠭᠡᠷ᠎ᠡ ᠪᠣᠯ ᠬᠥᠮᠦᠨ ᠤ ᠠᠮᠢ ᠨᠠᠰᠤ ᠪᠣᠯᠤᠨ ᠪᠡᠶ᠎ᠡ ᠮᠠᠬᠠᠪᠣᠳ ᠢᠶᠠᠷ ᠳᠠᠭᠠᠳᠬᠠᠯ ᠤᠨ ᠪᠠᠷᠢᠮᠵᠢᠶ᠎ᠠ ᠪᠣᠯᠭᠠᠭᠰᠠᠨ ᠳᠠᠭᠠᠳᠬᠠᠯ ᠤᠨ ᠭᠡᠷ᠎ᠡ ᠪᠣᠯᠤᠨ᠎ᠠ᠃        ᠲᠤᠰ ᠬᠡᠰᠡᠭ ᠲᠠᠬᠢ ᠪᠡᠶ᠎ᠡ ᠶᠢᠨ ᠳᠠᠭᠠᠳᠬᠠᠯ ᠤᠨ ᠭᠡᠷ᠎ᠡ ᠶᠢ ᠲᠤᠰᠬᠠᠶ ᠲᠣᠳᠣᠷᠬᠠᠶᠢᠯᠠᠭᠰᠠᠨ ᠢ ᠭᠠᠷᠭᠠᠪᠠᠯ᠂ ᠭᠡᠷ᠎ᠡ ᠭᠡᠵᠦ ᠳᠥᠭᠦᠮᠴᠢᠯᠡᠨ ᠨᠡᠷᠡᠯᠡᠨ᠎ᠡ᠃        ᠲᠠᠪᠢᠨ ᠬᠤᠶᠠᠳᠤᠭᠠᠷ ᠵᠦᠢᠯ    ᠳᠠᠭᠠᠳᠬᠠᠭᠤᠯᠤᠭᠴᠢ ᠳᠣᠤᠷᠠᠬᠢ ᠬᠥᠮᠦᠰ ᠲᠤ ᠳᠠᠭᠠᠳᠬᠠᠯ ᠤᠨ ᠠᠰᠢᠭ ᠲᠤᠰᠠ ᠬᠦᠷᠲᠡᠭᠡᠨ᠎ᠡ᠄        ︵ᠨᠢᠭᠡ︶ ᠲᠤᠰ ᠬᠥᠮᠦᠨ︔        ︵ᠬᠤᠶᠠᠷ︶ ᠤᠷᠤᠭᠯᠠᠭᠰᠠᠨ ᠨᠥᠬᠦᠷ᠂ ᠦᠷ᠎ᠡ ᠬᠡᠦᠬᠡᠳ᠂ ᠡᠴᠢᠭᠡ ᠡᠬᠡ︔        ︵ᠭᠤᠷᠪᠠ︶ ᠡᠮᠦᠨᠡᠬᠢ ᠵᠤᠷᠪᠤᠰ ᠠᠴᠠ ᠭᠠᠳᠠᠨ᠎ᠠ ᠳᠠᠭᠠᠳᠬᠠᠭᠤᠯᠤᠭᠴᠢ ᠯᠤᠭ᠎ᠠ ᠠᠰᠠᠷᠠᠬᠤ᠂ ᠠᠴᠢᠯᠠᠬᠤ ᠪᠤᠶᠤ ᠲᠡᠵᠢᠭᠡᠬᠦ ᠬᠠᠷᠢᠴᠠᠭ᠎ᠠ ᠲᠠᠢ ᠭᠡᠷ ᠪᠦᠯᠢ ᠶᠢᠨ ᠪᠤᠰᠤᠳ ᠪᠦᠷᠢᠯᠳᠦᠬᠦᠨ᠂ ᠣᠶᠢᠷ᠎ᠠ ᠲᠥᠷᠥᠯ ᠰᠠᠳᠤᠨ᠃        ᠡᠮᠦᠨᠡᠬᠢ ᠪᠠᠳᠠᠭ ᠲᠤ ᠲᠣᠭᠲᠠᠭᠠᠭᠰᠠᠨ ᠢ ᠭᠠᠷᠭᠠᠪᠠᠯ᠂ ᠳᠠᠭᠠᠳᠬᠠᠭᠳᠠᠭᠴᠢ ᠨᠢ ᠳᠠᠭᠠᠳᠬᠠᠭᠤᠯᠤᠭᠴᠢ ᠶᠢᠨ ᠲᠡᠭᠦᠨ ᠤ ᠡᠮᠦᠨ᠎ᠡ ᠭᠡᠷ᠎ᠡ ᠲᠣᠭᠲᠠᠬᠤ ᠶᠢ ᠵᠥᠪᠰᠢᠶᠡᠷᠡᠭᠰᠡᠨ ᠪᠠᠶᠢᠪᠠᠯ ᠳᠠᠭᠠᠳᠬᠠᠭᠤᠯᠤᠭᠴᠢ ᠶᠢ ᠳᠠᠭᠠᠳᠬᠠᠭᠳᠠᠭᠴᠢ ᠳᠤ ᠠᠰᠢᠭ ᠲᠤᠰᠠ ᠬᠦᠷᠲᠡᠭᠡᠬᠦ ᠪᠠᠷ ᠦᠵᠡᠨ᠎ᠡ᠃        ᠲᠠᠪᠢᠨ ᠭᠤᠷᠪᠠᠳᠤᠭᠠᠷ ᠵᠦᠢᠯ    ᠳᠠᠭᠠᠳᠬᠠᠭᠤᠯᠤᠭᠴᠢ ᠶᠢᠨ ᠮᠡᠳᠡᠭᠦᠯᠦᠭᠰᠡᠨ ᠳᠠᠭᠠᠳᠬᠠᠭᠳᠠᠭᠴᠢ ᠶᠢᠨ ᠨᠠᠰᠤ ᠵᠢᠯ ᠨᠢ ᠮᠠᠭᠠᠳ ᠪᠢᠰᠢ ᠮᠥᠷᠲᠡᠭᠡᠨ ᠦᠨᠡᠨ ᠨᠠᠰᠤ ᠵᠢᠯ ᠨᠢ ᠭᠡᠷ᠎ᠡ ᠳᠤ ᠬᠡᠯᠡᠯᠴᠡᠨ ᠲᠣᠭᠲᠠᠭᠰᠠᠨ ᠨᠠᠰᠤ ᠵᠢᠯ ᠤᠨ ᠬᠢᠵᠠᠭᠠᠷ ᠲᠤ ᠨᠡᠶᠢᠴᠡᠬᠦ ᠦᠭᠡᠶ ᠪᠣᠯ ᠳᠠᠭᠠᠳᠬᠠᠭᠴᠢ ᠭᠡᠷ᠎ᠡ ᠶᠢ ᠬᠦᠴᠦᠨ ᠦᠭᠡᠶ ᠪᠣᠯᠭᠠᠵᠤ ᠪᠣᠯᠬᠤ ᠪᠥᠭᠡᠳ ᠭᠠᠷ ᠭᠦᠢᠴᠡᠳᠬᠡᠯ ᠤᠨ ᠰᠦᠢᠳᠬᠡᠯ ᠢ ᠰᠠᠭᠤᠯᠭᠠᠵᠤ ᠠᠪᠤᠭᠠᠳ ᠳᠠᠭᠠᠳᠬᠠᠭᠤᠯᠤᠭᠴᠢ ᠳᠤ ᠳᠠᠭᠠᠳᠬᠠᠯ ᠤᠨ ᠵᠠᠷᠤᠳᠠᠯ ᠪᠤᠴᠠᠭᠠᠨ ᠥᠭᠬᠦ ᠬᠡᠷᠡᠭᠲᠡᠶ᠂ ᠭᠡᠬᠦ ᠳᠡᠭᠡᠨ ᠭᠡᠷ᠎ᠡ ᠪᠠᠶᠢᠭᠤᠯᠤᠭᠰᠠᠨ ᠡᠳᠦᠷ ᠠᠴᠠ ᠡᠬᠢᠯᠡᠭᠡᠳ ᠬᠤᠶᠠᠷ ᠵᠢᠯ ᠥᠩᠭᠡᠷᠡᠭᠰᠡᠨ ᠪᠠᠶᠢᠪᠠᠯ ᠡᠭᠦᠨ ᠳᠤ ᠪᠠᠭᠲᠠᠬᠤ ᠦᠭᠡᠶ᠃        ᠳᠠᠭᠠᠳᠬᠠᠭᠤᠯᠤᠭᠴᠢ ᠶᠢᠨ ᠮᠡᠳᠡᠭᠦᠯᠦᠭᠰᠡᠨ ᠳᠠᠭᠠᠳᠬᠠᠭᠳᠠᠭᠴᠢ ᠶᠢᠨ ᠨᠠᠰᠤ ᠵᠢᠯ ᠨᠢ ᠦᠨᠡᠨ ᠮᠠᠭᠠᠳ ᠪᠢᠰᠢ ᠠᠴᠠ ᠪᠣᠯᠵᠤ ᠳᠠᠭᠠᠳᠬᠠᠭᠤᠯᠤᠭᠴᠢ ᠶᠢᠨ ᠲᠤᠰᠢᠶᠠᠭᠰᠠᠨ ᠳᠠᠭᠠᠳᠬᠠᠯ ᠤᠨ ᠰᠦᠢᠳᠬᠡᠯ ᠨᠢ ᠲᠤᠰᠢᠶᠠᠬᠤ ᠳᠠᠭᠠᠳᠬᠠᠯ ᠤᠨ ᠰᠦᠢᠳᠬᠡᠯ ᠠᠴᠠ ᠳᠤᠲᠠᠭᠤ ᠪᠠᠶᠢᠪᠠᠯ ᠳᠠᠭᠠᠳᠬᠠᠭᠴᠢ ᠵᠠᠯᠠᠷᠠᠭᠤᠯᠬᠤ ᠡᠷᠬᠡ ᠲᠠᠢ ᠪᠥᠭᠡᠳ ᠳᠠᠭᠠᠳᠬᠠᠭᠤᠯᠤᠭᠴᠢ ᠶᠢ ᠳᠠᠭᠠᠳᠬᠠᠯ ᠤᠨ ᠰᠦᠢᠳᠬᠡᠯ ᠢ ᠨᠥᠬᠦᠵᠦ ᠲᠤᠰᠢᠶᠠᠯᠭᠠᠬᠤ ᠪᠠᠷ ᠱᠠᠭᠠᠷᠳᠠᠬᠤ ᠪᠤᠶᠤ ᠳᠠᠭᠠᠳᠬᠠᠯ ᠤᠨ ᠮᠥᠩᠭᠦ ᠥᠭᠬᠦ ᠳᠡᠭᠡᠨ ᠪᠣᠳᠠᠲᠠᠶ ᠲᠤᠰᠢᠶᠠᠭᠰᠠᠨ ᠳᠠᠭᠠᠳᠬᠠᠯ ᠤᠨ ᠰᠦᠢᠳᠬᠡᠯ ᠪᠣᠯᠤᠨ ᠲᠤᠰᠢᠶᠠᠬᠤ ᠬᠡᠷᠡᠭᠲᠡᠶ ᠳᠠᠭᠠᠳᠬᠠᠯ ᠤᠨ ᠰᠦᠢᠳᠬᠡᠯ ᠤᠨ ᠬᠠᠷᠢᠴᠠᠯ ᠶᠣᠰᠣᠭᠠᠷ ᠲᠤᠰᠢᠶᠠᠯᠭᠠᠬᠤ ᠬᠡᠷᠡᠭᠲᠡᠶ᠃        ᠳᠠᠭᠠᠳᠬᠠᠭᠤᠯᠤᠭᠴᠢ ᠶᠢᠨ ᠮᠡᠳᠡᠭᠦᠯᠦᠭᠰᠡᠨ ᠳᠠᠭᠠᠳᠬᠠᠭᠳᠠᠭᠴᠢ ᠶᠢᠨ ᠨᠠᠰᠤ ᠵᠢᠯ ᠨᠢ ᠦᠨᠡᠨ ᠮᠠᠭᠠᠳ ᠪᠢᠰᠢ ᠠᠴᠠ ᠪᠣᠯᠵᠤ ᠳᠠᠭᠠᠳᠬᠠᠭᠤᠯᠤᠭᠴᠢ ᠶᠢᠨ ᠪᠣᠳᠠᠲᠠᠶ ᠲᠤᠰᠢᠶᠠᠭᠰᠠᠨ ᠳᠠᠭᠠᠳᠬᠠᠯ ᠤᠨ ᠰᠦᠢᠳᠬᠡᠯ ᠨᠢ ᠲᠤᠰᠢᠶᠠᠬᠤ ᠬᠡᠷᠡᠭᠲᠡᠶ ᠳᠠᠭᠠᠳᠬᠠᠯ ᠤᠨ ᠰᠦᠢᠳᠬᠡᠯ ᠠᠴᠠ ᠢᠯᠡᠭᠦᠦ ᠪᠠᠶᠢᠪᠠᠯ ᠳᠠᠭᠠᠳᠬᠠᠭᠴᠢ ᠢᠯᠡᠭᠦᠦ ᠬᠤᠷᠢᠶᠠᠭᠰᠠᠨ ᠳᠠᠭᠠᠳᠬᠠᠯ ᠤᠨ ᠰᠦᠢᠳᠬᠡᠯ ᠢ ᠳᠠᠭᠠᠳᠬᠠᠭᠤᠯᠤᠭᠴᠢ ᠳᠤ ᠪᠤᠴᠠᠭᠠᠵᠤ ᠥᠭᠬᠦ ᠬᠡᠷᠡᠭᠲᠡᠶ᠃        ᠲᠠᠪᠢᠨ ᠳᠥᠷᠪᠡᠳᠦᠭᠡᠷ ᠵᠦᠢᠯ    ᠳᠠᠭᠠᠳᠬᠠᠭᠤᠯᠤᠭᠴᠢ ᠢᠷᠭᠡᠨ ᠤ ᠬᠡᠷᠡᠭ ᠤᠨ ᠠᠵᠢᠯᠯᠠᠭ᠎ᠠ ᠶᠢᠨ ᠴᠢᠳᠠᠪᠤᠷᠢ ᠦᠭᠡᠢ ᠪᠤᠯ ᠳᠠᠭᠠᠳᠬᠠᠭᠰᠠᠨ ᠬᠥᠮᠦᠨ ᠳᠤ ᠦᠬᠦᠯ ᠢᠶᠠᠷ ᠳᠠᠭᠠᠳᠬᠠᠯᠲᠠ ᠮᠥᠩᠭᠦ ᠠᠪᠬᠤ ᠨᠥᠬᠦᠴᠡᠯ ᠪᠣᠯᠭᠠᠭᠰᠠᠨ ᠪᠡᠶ᠎ᠡ ᠶᠢᠨ ᠳᠠᠭᠠᠳᠬᠠᠯ ᠳᠠᠭᠠᠳᠬᠠᠭᠤᠯᠵᠤ ᠪᠣᠯᠬᠤ ᠦᠭᠡᠶ᠂ ᠳᠠᠭᠠᠳᠬᠠᠭᠴᠢ ᠴᠤ ᠳᠠᠭᠠᠳᠬᠠᠬᠤ ᠪᠠᠷ ᠬᠦᠯᠢᠶᠡᠨ ᠠᠪᠴᠤ ᠪᠣᠯᠬᠤ ᠦᠭᠡᠶ᠃        ᠡᠴᠢᠭᠡ ᠡᠬᠡ ᠨᠢ ᠨᠠᠰᠤᠨ ᠳᠤ ᠬᠦᠷᠦᠭᠡᠳᠦᠶ ᠦᠷ᠎ᠡ ᠬᠡᠦᠬᠡᠳ ᠲᠡᠭᠡᠨ ᠳᠠᠭᠠᠳᠬᠠᠭᠤᠯᠤᠭᠰᠠᠨ ᠪᠡᠶ᠎ᠡ ᠶᠢᠨ ᠳᠠᠭᠠᠳᠬᠠᠯ ᠨᠢ ᠡᠮᠦᠨᠡᠬᠢ ᠪᠠᠳᠠᠭ ᠤᠨ ᠲᠣᠭᠲᠠᠭᠠᠯ ᠳᠤ ᠬᠢᠵᠠᠭᠠᠷᠯᠠᠭᠳᠠᠬᠤ ᠦᠭᠡᠶ᠂ ᠭᠡᠬᠦ ᠳᠡᠭᠡᠨ ᠦᠬᠦᠯ ᠠᠴᠠ ᠪᠣᠯᠵᠤ ᠥᠭᠬᠦ ᠳᠠᠭᠠᠳᠬᠠᠯ ᠤᠨ ᠮᠥᠩᠭᠦ ᠶᠢᠨ ᠶᠡᠷᠦᠩᠬᠡᠶ ᠨᠡᠶᠢᠯᠡᠪᠦᠷᠢ ᠨᠢ ᠮᠥᠩᠭᠦᠨ ᠭᠦᠢᠯᠭᠡᠭᠡᠨ ᠤ ᠬᠢᠨᠠᠨ ᠬᠠᠮᠢᠶᠠᠷᠬᠤ ᠰᠠᠯᠠᠭ᠎ᠠ ᠮᠥᠴᠢᠷ ᠤᠨ ᠲᠣᠭᠲᠠᠭᠠᠭᠰᠠᠨ ᠬᠢᠵᠠᠭᠠᠷᠲᠤ ᠲᠤᠭ᠎ᠠ ᠠᠴᠠ ᠳᠠᠪᠠᠵᠤ ᠪᠣᠯᠬᠤ ᠦᠭᠡᠶ᠃        ᠲᠠᠪᠢᠨ ᠲᠠᠪᠤᠳᠤᠭᠠᠷ ᠵᠦᠢᠯ    ᠦᠬᠦᠯ ᠢᠶᠠᠷ ᠳᠠᠭᠠᠳᠬᠠᠯ ᠤᠨ ᠮᠥᠩᠭᠦ ᠥᠭᠬᠦ ᠨᠥᠬᠦᠴᠡᠯ ᠪᠣᠯᠭᠠᠭᠰᠠᠨ ᠭᠡᠷ᠎ᠡ ᠶᠢᠨ ᠳᠠᠭᠠᠳᠬᠠᠯ ᠤᠨ ᠮᠥᠩᠭᠦ ᠶᠢᠨ ᠲᠤᠭ᠎ᠠ ᠶᠢ ᠳᠠᠭᠠᠳᠬᠠᠭᠳᠠᠭᠴᠢ ᠪᠠᠷ ᠪᠢᠴᠢᠭ ᠢᠶᠠᠷ ᠵᠥᠪᠰᠢᠶᠡᠷᠡᠭᠦᠯᠦᠭᠰᠡᠨ ᠦᠭᠡᠶ ᠪᠠᠶᠢᠪᠠᠯ ᠭᠡᠷ᠎ᠡ ᠨᠢ ᠬᠦᠴᠦᠨ ᠦᠭᠡᠶ᠃        ᠦᠬᠦᠯ ᠢᠶᠠᠷ ᠳᠠᠭᠠᠳᠬᠠᠯ ᠤᠨ ᠮᠥᠩᠭᠦ ᠥᠭᠬᠦ ᠨᠥᠬᠦᠴᠡᠯ ᠪᠣᠯᠭᠠᠭᠰᠠᠨ ᠭᠡᠷ᠎ᠡ ᠶᠢᠨ ᠭᠠᠷ ᠤᠨ ᠦᠰᠦᠭ ᠵᠢᠷᠤᠵᠤ ᠶᠠᠪᠤᠭᠤᠯᠤᠭᠰᠠᠨ ᠳᠠᠭᠠᠳᠬᠠᠯ ᠤᠨ ᠬᠠᠭᠤᠳᠠᠰᠤ ᠶᠢ ᠳᠠᠭᠠᠳᠬᠠᠭᠳᠠᠭᠴᠢ ᠪᠠᠷ ᠪᠢᠴᠢᠭ ᠢᠶᠠᠷ ᠵᠥᠪᠰᠢᠶᠡᠷᠡᠭᠰᠡᠨ ᠦᠭᠡᠶ ᠪᠣᠯ ᠪᠤᠰᠤᠳ ᠲᠤ ᠰᠢᠯᠵᠢᠭᠦᠯᠦᠨ ᠥᠭᠬᠦ ᠪᠤᠶᠤ ᠳᠠᠨᠵᠢᠯᠠᠵᠤ ᠪᠣᠯᠬᠤ ᠦᠭᠡᠶ᠃        ᠡᠴᠢᠭᠡ ᠡᠬᠡ ᠨᠢ ᠨᠠᠰᠤᠨ ᠳᠤ ᠬᠦᠷᠦᠭᠡᠳᠦᠶ ᠦᠷ᠎ᠡ ᠬᠡᠦᠬᠡᠳ ᠲᠡᠭᠡᠨ ᠳᠠᠭᠠᠳᠬᠠᠭᠤᠯᠤᠭᠰᠠᠨ ᠪᠡᠶ᠎ᠡ ᠶᠢᠨ ᠳᠠᠭᠠᠳᠬᠠᠯ ᠨᠢ ᠨᠢᠭᠡᠳᠦᠭᠡᠷ ᠪᠠᠳᠠᠭ ᠤᠨ ᠲᠣᠭᠲᠠᠭᠠᠯ ᠳᠤ ᠬᠢᠵᠠᠭᠠᠷᠯᠠᠭᠳᠠᠬᠤ ᠦᠭᠡᠶ᠃        ᠲᠠᠪᠢᠨ ᠵᠢᠷᠭᠤᠳᠤᠭᠠᠷ ᠵᠦᠢᠯ    ᠳᠠᠭᠠᠳᠬᠠᠭᠤᠯᠤᠭᠴᠢ ᠭᠡᠷ᠎ᠡ ᠪᠠᠶᠢᠭᠤᠯᠤᠭᠰᠠᠨ ᠤ ᠳᠠᠷᠠᠭ᠎ᠠ᠂ ᠳᠠᠭᠠᠳᠬᠠᠭᠴᠢ ᠳᠤ ᠳᠠᠭᠠᠳᠬᠠᠯ ᠤᠨ ᠰᠦᠢᠳᠬᠡᠯ ᠢ ᠨᠢᠭᠡ ᠯᠡ ᠤᠳᠠᠭ᠎ᠠ ᠪᠦᠬᠦᠨ ᠢ ᠲᠤᠰᠢᠶᠠᠵᠤ ᠪᠣᠯᠤᠨ᠎ᠠ᠂ ᠭᠡᠷ᠎ᠡ ᠳᠤ ᠬᠡᠯᠡᠯᠴᠡᠨ ᠲᠣᠭᠲᠠᠭᠰᠠᠨ ᠶᠣᠰᠣᠭᠠᠷ ᠬᠤᠭᠤᠴᠠᠭ᠎ᠠ ᠬᠤᠪᠢᠶᠠᠨ ᠲᠤᠰᠢᠶᠠᠭᠰᠠᠨ ᠴᠤ ᠪᠣᠯᠤᠨ᠎ᠠ᠃        ᠳᠠᠭᠠᠳᠬᠠᠯ ᠤᠨ ᠰᠦᠢᠳᠬᠡᠯ ᠢ ᠬᠤᠭᠤᠴᠠᠭ᠎ᠠ ᠬᠤᠪᠢᠶᠠᠨ ᠲᠤᠰᠢᠶᠠᠬᠤ ᠪᠠᠷ ᠭᠡᠷ᠎ᠡ ᠳᠤ ᠬᠡᠯᠡᠯᠴᠡᠨ ᠲᠣᠭᠲᠠᠭᠰᠠᠨ ᠪᠣᠯ ᠳᠠᠭᠠᠳᠬᠠᠭᠤᠯᠤᠭᠴᠢ ᠭᠡᠷ᠎ᠡ ᠪᠠᠶᠢᠭᠤᠯᠬᠤ ᠦᠶ᠎ᠡ ᠳᠤ ᠲᠦᠷᠦᠭᠦᠦ ᠬᠤᠭᠤᠴᠠᠭᠠᠨ ᠤ ᠳᠠᠭᠠᠳᠬᠠᠯ ᠤᠨ ᠰᠦᠢᠳᠬᠡᠯ ᠢᠶᠠᠨ ᠲᠤᠰᠢᠶᠠᠬᠤ ᠶᠢᠨ ᠬᠠᠮᠲᠤ ᠦᠯᠡᠳᠡᠭᠰᠡᠨ ᠬᠤᠭᠤᠴᠠᠭ᠎ᠠ ᠪᠦᠷᠢ ᠶᠢᠨ ᠳᠠᠭᠠᠳᠬᠠᠯ ᠤᠨ ᠰᠦᠢᠳᠬᠡᠯ ᠢᠶᠠᠨ ᠬᠤᠭᠤᠴᠠᠭ᠎ᠠ ᠶᠣᠰᠣᠭᠠᠷ ᠲᠤᠰᠢᠶᠠᠬᠤ ᠬᠡᠷᠡᠭᠲᠡᠶ᠃        ᠲᠠᠪᠢᠨ ᠳᠣᠯᠣᠳᠤᠭᠠᠷ ᠵᠦᠢᠯ    ᠳᠠᠭᠠᠳᠬᠠᠯ ᠤᠨ ᠰᠦᠢᠳᠬᠡᠯ ᠢᠶᠠᠨ ᠬᠤᠭᠤᠴᠠᠭ᠎ᠠ ᠬᠤᠪᠢᠶᠠᠨ ᠲᠤᠰᠢᠶᠠᠬᠤ ᠪᠠᠷ ᠭᠡᠷ᠎ᠡ ᠳᠤ ᠬᠡᠯᠡᠯᠴᠡᠨ ᠲᠣᠭᠲᠠᠭᠰᠠᠨ ᠪᠣᠯ ᠳᠠᠭᠠᠳᠬᠠᠭᠤᠯᠤᠭᠴᠢ ᠲᠦᠷᠦᠭᠦᠦ ᠬᠤᠭᠤᠴᠠᠭᠠᠨ ᠤ ᠳᠠᠭᠠᠳᠬᠠᠯ ᠤᠨ ᠰᠦᠢᠳᠬᠡᠯ ᠢᠶᠠᠨ ᠲᠤᠰᠢᠶᠠᠭᠰᠠᠨ ᠤ ᠳᠠᠷᠠᠭ᠎ᠠ᠂ ᠭᠡᠷ᠎ᠡ ᠳᠤ ᠠᠰ ᠲᠤᠨᠢ ᠬᠡᠯᠡᠯᠴᠡᠨ ᠲᠣᠭᠲᠠᠭᠠᠭᠰᠠᠨ ᠢ ᠭᠠᠷᠭᠠᠪᠠᠯ᠂ ᠳᠠᠭᠠᠳᠬᠠᠭᠤᠯᠤᠭᠴᠢ ᠲᠣᠭᠲᠠᠭᠰᠠᠨ ᠬᠤᠭᠤᠴᠠᠭ᠎ᠠ ᠠᠴᠠ 60 ᠡᠳᠦᠷ ᠬᠡᠲᠦᠷᠡᠭᠡᠳ ᠲᠤᠰ ᠬᠤᠭᠤᠴᠠᠭᠠᠨ ᠤ ᠳᠠᠭᠠᠳᠬᠠᠯ ᠤᠨ ᠰᠦᠢᠳᠬᠡᠯ ᠢᠶᠠᠨ ᠲᠤᠰᠢᠶᠠᠭᠠᠳᠤᠶ ᠪᠠᠶᠢᠪᠠᠯ ᠭᠡᠷ᠎ᠡ ᠶᠢᠨ ᠬᠦᠴᠦᠨ ᠢ ᠲᠣᠷᠭᠤᠨ ᠵᠣᠭᠰᠣᠭᠠᠬᠤ ᠪᠤᠶᠤ ᠳᠠᠭᠠᠳᠬᠠᠭᠴᠢ ᠭᠡᠷ᠎ᠡ ᠳᠤ ᠬᠡᠯᠡᠯᠴᠡᠨ ᠲᠣᠭᠲᠠᠭᠰᠠᠨ ᠨᠥᠬᠦᠴᠡᠯ ᠶᠣᠰᠣᠭᠠᠷ ᠳᠠᠭᠠᠳᠬᠠᠯ ᠤᠨ ᠮᠥᠩᠭᠦ ᠶᠢᠨ ᠲᠤᠭ᠎ᠠ ᠶᠢ ᠬᠠᠰᠤᠵᠤ ᠪᠠᠭᠠᠰᠬᠠᠨ᠎ᠠ᠃        ᠲᠠᠪᠢᠨ ᠨᠠᠶ᠋ᠮᠠᠳᠤᠭᠠᠷ ᠵᠦᠢᠯ    ᠡᠮᠦᠨᠡᠬᠢ ᠵᠦᠢᠯ ᠤᠨ ᠲᠣᠭᠲᠠᠭᠠᠯ ᠶᠣᠰᠣᠭᠠᠷ ᠭᠡᠷ᠎ᠡ ᠶᠢᠨ ᠬᠦᠴᠦᠨ ᠢ ᠳᠣᠷᠭᠤᠨ ᠵᠣᠭᠰᠣᠭᠠᠭᠰᠠᠨ ᠪᠣᠯ ᠳᠠᠭᠠᠳᠬᠠᠭᠴᠢ ᠬᠢᠭᠡᠳ ᠳᠠᠭᠠᠳᠬᠠᠭᠤᠯᠤᠭᠴᠢ ᠵᠥᠪᠳᠡᠯᠴᠡᠭᠡᠳ ᠬᠡᠯᠡᠯᠴᠡᠭᠡᠷ ᠲᠣᠭᠲᠠᠭᠠᠵᠤ᠂ ᠳᠠᠭᠠᠳᠬᠠᠭᠤᠯᠤᠭᠴᠢ ᠳᠠᠭᠠᠳᠬᠠᠯ ᠤᠨ ᠰᠦᠢᠳᠬᠡᠯ ᠢᠶᠠᠨ ᠨᠥᠬᠦᠵᠦ ᠲᠤᠰᠢᠶᠠᠭᠰᠠᠨ ᠤ ᠳᠠᠷᠠᠭ᠎ᠠ᠂ ᠭᠡᠷ᠎ᠡ ᠶᠢᠨ ᠬᠦᠴᠦᠨ ᠢ ᠰᠡᠷᠭᠦᠭᠡᠵᠦ ᠥᠭᠭᠦᠨ᠎ᠡ᠃        ᠭᠡᠬᠦ ᠳᠡᠭᠡᠨ ᠭᠡᠷ᠎ᠡ ᠶᠢᠨ ᠬᠦᠴᠦᠨ ᠢ ᠳᠣᠷᠭᠤᠨ ᠵᠣᠭᠰᠣᠭᠠᠭᠰᠠᠨ ᠡᠳᠦᠷ ᠠᠴᠠ ᠡᠬᠢᠯᠡᠭᠡᠳ ᠬᠤᠶᠠᠷ ᠵᠢᠯ ᠤᠨ ᠳᠣᠲᠣᠷ᠎ᠠ ᠬᠤᠶᠠᠷ ᠡᠲᠡᠭᠡᠳ ᠢᠶᠠᠷ ᠢᠶᠠᠨ ᠬᠡᠯᠡᠯᠴᠡᠭᠡᠷ ᠲᠣᠭᠲᠠᠭᠰᠠᠨ ᠦᠭᠡᠶ ᠪᠠᠶᠢᠪᠠᠯ᠂ ᠳᠠᠭᠠᠳᠬᠠᠭᠴᠢ ᠭᠡᠷ᠎ᠡ ᠶᠢ ᠬᠦᠴᠦᠨ ᠪᠣᠯᠭᠠᠬᠤ ᠡᠷᠬᠡ ᠲᠠᠢ᠃        ᠳᠠᠭᠠᠳᠬᠠᠭᠴᠢ ᠡᠮᠦᠨᠡᠬᠢ ᠪᠠᠳᠠᠭ ᠤᠨ ᠲᠣᠭᠲᠠᠭᠠᠯ ᠶᠣᠰᠣᠭᠠᠷ ᠭᠡᠷ᠎ᠡ ᠶᠢ ᠬᠦᠴᠦᠨ ᠦᠭᠡᠶ ᠪᠣᠯᠭᠠᠬᠤ ᠳᠤ᠂ ᠳᠠᠭᠠᠳᠬᠠᠭᠤᠯᠤᠭᠴᠢ ᠬᠤᠶᠠᠷ ᠵᠢᠯ ᠠᠴᠠ ᠳᠡᠭᠡᠭᠰᠢ ᠳᠠᠭᠠᠳᠬᠠᠯ ᠤᠨ ᠰᠦᠢᠳᠬᠡᠯ ᠢ ᠭᠦᠢᠴᠡᠳ ᠲᠤᠰᠢᠶᠠᠭᠰᠠᠨ ᠪᠠᠶᠢᠪᠠᠯ ᠂ ᠳᠠᠭᠠᠳᠬᠠᠭᠴᠢ ᠭᠡᠷ᠎ᠡ ᠳᠤ ᠬᠡᠯᠡᠯᠴᠡᠨ ᠲᠣᠭᠲᠠᠭᠰᠠᠨ ᠶᠣᠰᠣᠭᠠᠷ ᠳᠠᠭᠠᠳᠬᠠᠯ ᠤᠨ ᠬᠠᠭᠤᠳᠠᠰᠤ ᠳᠠᠬᠢ ᠪᠡᠯᠡ ᠮᠥᠩᠭᠦ ᠶᠢᠨ ᠥᠷᠲᠡᠭ ᠢ ᠪᠤᠴᠠᠭᠠᠵᠤ ᠥᠭᠬᠦ ᠬᠡᠷᠡᠭᠲᠡᠶ︔ ᠳᠠᠭᠠᠳᠬᠠᠭᠤᠯᠤᠭᠴᠢ ᠬᠤᠶᠠᠷ ᠵᠢᠯ ᠤᠨ ᠳᠠᠭᠠᠳᠬᠠᠯ ᠤᠨ ᠰᠦᠢᠳᠬᠡᠯ ᠢ ᠭᠦᠢᠴᠡᠳ ᠲᠤᠰᠢᠶᠠᠭᠠᠳᠤᠶ ᠪᠠᠶᠢᠪᠠᠯ ᠳᠠᠭᠠᠳᠬᠠᠭᠴᠢ ᠭᠠᠷ ᠭᠦᠢᠴᠡᠳᠬᠡᠯ ᠤᠨ ᠰᠦᠢᠳᠬᠡᠯ ᠢᠶᠠᠨ ᠰᠠᠭᠤᠯᠭᠠᠵᠤ ᠠᠪᠤᠭᠠᠳ᠂ ᠳᠠᠭᠠᠳᠬᠠᠯ ᠤᠨ ᠰᠦᠢᠳᠬᠡᠯ ᠢ ᠨᠢ ᠪᠤᠴᠠᠭᠠᠵᠤ ᠥᠭᠬᠦ ᠬᠡᠷᠡᠭᠲᠡᠶ᠃        ᠲᠠᠪᠢ ᠶᠢᠰᠦᠳᠦᠭᠡᠷ ᠵᠦᠢᠯ    ᠳᠠᠭᠠᠳᠬᠠᠭᠴᠢ ᠪᠡᠶ᠎ᠡ ᠶᠢᠨ ᠳᠠᠭᠠᠳᠬᠠᠯ ᠤᠨ ᠳᠠᠭᠠᠳᠬᠠᠯ ᠤᠨ ᠰᠦᠢᠳᠬᠡᠯ ᠢ ᠳᠠᠭᠠᠳᠬᠠᠭᠤᠯᠤᠭᠴᠢ ᠪᠠᠷ ᠲᠤᠰᠢᠶᠠᠯᠭᠠᠬᠤ ᠶᠢ ᠵᠠᠷᠭᠤᠯᠳᠤᠬᠤ ᠬᠡᠯᠪᠡᠷᠢ ᠪᠠᠷ ᠱᠠᠭᠠᠷᠳᠠᠵᠤ ᠪᠣᠯᠬᠤ ᠦᠭᠡᠶ᠃        ᠵᠢᠷᠠᠳᠤᠭᠠᠷ ᠵᠦᠢᠯ    ᠪᠡᠶ᠎ᠡ ᠶᠢᠨ ᠳᠠᠭᠠᠳᠬᠠᠯ ᠤᠨ ᠠᠰᠢᠭ ᠬᠦᠷᠲᠡᠭᠴᠢ ᠶᠢ ᠳᠠᠭᠠᠳᠬᠠᠭᠳᠠᠭᠴᠢ ᠪᠤᠶᠤ ᠳᠠᠭᠠᠳᠬᠠᠭᠤᠯᠤᠭᠴᠢ ᠲᠣᠭᠲᠠᠭᠠᠨ᠎ᠠ᠃        ᠳᠠᠭᠠᠳᠬᠠᠭᠤᠯᠤᠭᠴᠢ ᠠᠰᠢᠭ ᠬᠦᠷᠲᠡᠭᠴᠢ ᠶᠢ ᠲᠤᠭᠲᠠᠭᠠᠬᠤ ᠳᠤ ᠡᠷᠬᠡᠪᠰᠢ ᠳᠠᠭᠠᠳᠬᠠᠭᠳᠠᠭᠴᠢ ᠶᠢᠨ ᠵᠥᠪᠰᠢᠶᠡᠷᠡᠯ ᠢ ᠠᠪᠤᠭᠰᠠᠨ ᠪᠠᠶᠢᠬᠤ ᠬᠡᠷᠡᠭᠲᠡᠶ᠃        ᠳᠠᠭᠠᠳᠬᠠᠭᠳᠠᠭᠴᠢ ᠨᠢ ᠢᠷᠭᠡᠨ ᠤ ᠬᠡᠷᠡᠭ ᠤᠨ ᠠᠵᠢᠯᠯᠠᠭ᠎ᠠ ᠶᠢᠨ ᠴᠢᠳᠠᠪᠤᠷᠢ ᠦᠭᠡᠶ ᠬᠥᠮᠦᠨ ᠪᠤᠶᠤ ᠢᠷᠭᠡᠨ ᠤ ᠬᠡᠷᠡᠭ ᠤᠨ ᠠᠵᠢᠯᠯᠠᠭ᠎ᠠ ᠶᠢᠨ ᠴᠢᠳᠠᠪᠤᠷᠢ ᠬᠢᠵᠠᠭᠠᠷᠯᠠᠭᠳᠠᠭᠰᠠᠨ ᠬᠥᠮᠦᠨ ᠪᠠᠶᠢᠪᠠᠯ ᠬᠢᠨᠠᠨ ᠬᠠᠮᠠᠭᠠᠯᠠᠭᠴᠢ ᠨᠢ ᠠᠰᠢᠭ ᠬᠦᠷᠲᠡᠭᠴᠢ ᠶᠢ ᠲᠣᠭᠲᠠᠭᠠᠵᠤ ᠪᠣᠯᠤᠨ᠎ᠠ᠃        ᠵᠢᠷᠠᠨ ᠨᠢᠭᠡᠳᠦᠭᠡᠷ ᠵᠦᠢᠯ    ᠳᠠᠭᠠᠳᠬᠠᠭᠳᠠᠭᠴᠢ ᠪᠤᠶᠤ ᠳᠠᠭᠠᠳᠬᠠᠭᠤᠯᠤᠭᠴᠢ ᠨᠢᠭᠡ ᠬᠥᠮᠦᠨ ᠪᠤᠶᠤ ᠬᠡᠳᠦᠨ ᠬᠥᠮᠦᠨ ᠢ ᠠᠰᠢᠭ ᠬᠦᠷᠲᠡᠭᠴᠢ ᠪᠠᠷ ᠲᠣᠭᠲᠠᠭᠠᠵᠤ ᠪᠣᠯᠤᠨ᠎ᠠ᠃        ᠠᠰᠢᠭ ᠬᠦᠷᠲᠡᠭᠴᠢ ᠨᠢ ᠬᠡᠳᠦᠨ ᠬᠥᠮᠦᠨ ᠪᠠᠶᠢᠪᠠᠯ ᠳᠠᠭᠠᠳᠬᠠᠭᠳᠠᠭᠴᠢ ᠪᠤᠶᠤ ᠳᠠᠭᠠᠳᠬᠠᠭᠤᠯᠤᠭᠴᠢ ᠠᠰᠢᠭ ᠬᠦᠷᠲᠡᠬᠦ ᠳᠡᠰ ᠳᠠᠷᠠᠭᠠᠯᠠᠯ ᠪᠠ ᠠᠰᠢᠭ ᠬᠦᠷᠲᠡᠬᠦ ᠬᠤᠪᠢ ᠶᠢᠨ ᠲᠤᠭ᠎ᠠ ᠶᠢ ᠲᠣᠭᠲᠠᠭᠠᠵᠤ ᠪᠣᠯᠤᠨ᠎ᠠ︔ ᠠᠰᠢᠭ ᠬᠦᠷᠲᠡᠬᠦ ᠬᠤᠪᠢ ᠶᠢᠨ ᠲᠤᠭ᠎ᠠ ᠶᠢ ᠲᠣᠭᠲᠠᠭᠠᠭᠰᠠᠨ ᠦᠭᠡᠶ ᠪᠣᠯ ᠠᠰᠢᠭ ᠬᠦᠷᠲᠡᠭᠴᠢᠳ ᠲᠡᠩᠴᠡᠭᠦᠦ ᠬᠤᠪᠢ ᠶᠢᠨ ᠲᠤᠭ᠎ᠠ ᠪᠠᠷ ᠠᠰᠢᠭ ᠬᠦᠷᠲᠡᠬᠦ ᠡᠷᠬᠡ ᠲᠠᠢ᠃        ᠵᠢᠷᠠᠨ ᠬᠤᠶᠠᠳᠤᠭᠠᠷ ᠵᠦᠢᠯ    ᠳᠠᠭᠠᠳᠬᠠᠭᠳᠠᠭᠴᠢ ᠪᠤᠶᠤ ᠳᠠᠭᠠᠳᠬᠠᠭᠤᠯᠤᠭᠴᠢ ᠠᠰᠢᠭ ᠬᠦᠷᠲᠡᠭᠴᠢ ᠶᠢ ᠬᠤᠪᠢᠷᠠᠭᠤᠯᠵᠤ ᠪᠣᠯᠬᠤ ᠪᠥᠭᠡᠳ ᠳᠠᠭᠠᠳᠬᠠᠭᠴᠢ ᠳᠤ ᠪᠢᠴᠢᠭ ᠢᠶᠠᠷ ᠮᠡᠳᠡᠭᠳᠡᠬᠦ ᠬᠡᠷᠡᠭᠲᠡᠶ᠃        ᠠᠰᠢᠭ ᠬᠦᠷᠲᠡᠭᠴᠢ ᠶᠢ ᠬᠤᠪᠢᠷᠠᠭᠤᠯᠤᠭᠰᠠᠨ ᠮᠡᠳᠡᠭᠳᠡᠯ ᠤᠨ ᠪᠢᠴᠢᠭ ᠢ ᠳᠠᠭᠠᠳᠬᠠᠭᠴᠢ ᠣᠯᠤᠭᠰᠠᠨ ᠤ ᠳᠠᠷᠠᠭ᠎ᠠ᠂ ᠳᠠᠭᠠᠳᠬᠠᠯ ᠤᠨ ᠬᠠᠭᠤᠳᠠᠰᠤᠨ ᠳᠡᠭᠡᠷ᠎ᠡ ᠨᠢ ᠴᠣᠬᠤᠯᠲᠠ ᠲᠠᠶᠢᠯᠪᠤᠷᠢ ᠬᠢᠬᠦ ᠬᠡᠷᠡᠭᠲᠡᠶ᠃        ᠳᠠᠭᠠᠳᠬᠠᠭᠤᠯᠤᠭᠴᠢ ᠠᠰᠢᠭ ᠬᠦᠷᠲᠡᠭᠴᠢ ᠶᠢ ᠬᠤᠪᠢᠷᠠᠭᠤᠯᠬᠤ ᠳᠤ ᠡᠷᠬᠡᠪᠰᠢ ᠳᠠᠭᠠᠳᠬᠠᠭᠳᠠᠭᠴᠢ ᠪᠠᠷ ᠵᠥᠪᠰᠢᠶᠡᠷᠡᠭᠦᠯᠦᠭᠰᠡᠨ ᠪᠠᠶᠢᠬᠤ ᠬᠡᠷᠡᠭᠲᠡᠶ᠃        ᠵᠢᠷᠠᠨ ᠭᠤᠷᠪᠠᠳᠤᠭᠠᠷ ᠵᠦᠢᠯ    ᠳᠠᠭᠠᠳᠬᠠᠭᠳᠠᠭᠴᠢ ᠦᠬᠦᠭᠡᠳ ᠳᠣᠤᠷᠠᠬᠢ ᠪᠠᠶᠢᠳᠠᠯ ᠤᠨ ᠨᠢᠭᠡ ᠨᠢ ᠲᠣᠬᠢᠶᠠᠯᠳᠤᠭᠰᠠᠨ ᠪᠠᠶᠢᠪᠠᠯ ᠳᠠᠭᠠᠳᠬᠠᠯ ᠤᠨ ᠮᠥᠩᠭᠦ ᠶᠢ ᠳᠠᠭᠠᠳᠬᠠᠭᠳᠠᠭᠴᠢ ᠶᠢᠨ ᠥᠪ ᠬᠥᠷᠥᠩᠭᠡ ᠪᠣᠯᠭᠠᠵᠤ᠂ ᠳᠠᠭᠠᠳᠬᠠᠭᠴᠢ ᠠᠴᠠ ᠳᠠᠭᠠᠳᠬᠠᠭᠳᠠᠭᠴᠢ ᠶᠢᠨ ᠥᠪ ᠵᠠᠯᠭᠠᠮᠵᠢᠯᠠᠭᠴᠢ ᠳᠤ ᠳᠠᠭᠠᠳᠬᠠᠯ ᠤᠨ ᠮᠥᠩᠭᠦ ᠥᠭᠬᠦ ᠡᠭᠦᠷᠭᠡ ᠶᠢ ᠭᠦᠢᠴᠡᠳᠬᠡᠨ᠎ᠡ᠄        ︵ᠨᠢᠭᠡ︶ ᠵᠢᠭᠠᠨ ᠲᠣᠭᠲᠠᠭᠠᠭᠰᠠᠨ ᠠᠰᠢᠭ ᠬᠦᠷᠲᠡᠭᠴᠢ ᠦᠭᠡᠢ︔        ︵ᠬᠤᠶᠠᠷ︶ ᠠᠰᠢᠭ ᠬᠦᠷᠲᠡᠭᠴᠢ ᠨᠢ ᠳᠠᠭᠠᠳᠬᠠᠭᠳᠠᠭᠴᠢ ᠠᠴᠠ ᠡᠮᠦᠨ᠎ᠡ ᠦᠬᠦᠭᠰᠡᠨ ᠪᠥᠭᠡᠳ ᠥᠭᠡᠷ᠎ᠡ ᠠᠰᠢᠭ ᠬᠦᠷᠲᠡᠭᠴᠢ ᠦᠭᠡᠢ︔        ︵ᠭᠤᠷᠪᠠ︶ ᠠᠰᠢᠭ ᠬᠦᠷᠲᠡᠭᠴᠢ ᠨᠢ ᠠᠰᠢᠭ ᠬᠦᠷᠲᠡᠬᠦ ᠡᠷᠬᠡ ᠪᠠᠨ ᠬᠠᠤᠯᠢ ᠶᠣᠰᠣᠭᠠᠷ ᠠᠯᠳᠠᠭᠰᠠᠨ ᠪᠤᠶᠤ ᠠᠰᠢᠭ ᠬᠦᠷᠲᠡᠬᠦ ᠡᠷᠬᠡ ᠪᠠᠨ ᠲᠡᠪᠴᠢᠭᠡᠳ᠂ ᠥᠭᠡᠷ᠎ᠡ ᠠᠰᠢᠭ ᠬᠦᠷᠲᠡᠭᠴᠢ ᠦᠭᠡᠢ᠃        ᠵᠢᠷᠠᠨ ᠳᠥᠷᠪᠡᠳᠦᠭᠡᠷ ᠵᠦᠢᠯ    ᠳᠠᠭᠠᠳᠬᠠᠭᠤᠯᠤᠭᠴᠢ᠂ ᠠᠰᠢᠭ ᠬᠦᠷᠲᠡᠭᠴᠢ ᠨᠢ ᠳᠠᠭᠠᠳᠬᠠᠭᠳᠠᠭᠴᠢ ᠶᠢ ᠵᠣᠷᠢᠭᠤᠳᠠ ᠦᠬᠦᠭᠦᠯᠦᠭᠰᠡᠨ᠂ ᠰᠢᠷᠬᠠᠲᠤᠭᠤᠯᠵᠤ ᠵᠡᠮᠳᠡᠭ ᠪᠣᠯᠭᠠᠭᠰᠠᠨ ᠪᠤᠶᠤ ᠡᠪᠡᠳᠴᠢᠨ ᠠᠷᠬᠠᠭ ᠲᠠᠢ ᠪᠣᠯᠭᠠᠭᠰᠠᠨ ᠪᠠᠶᠢᠪᠠᠯ ᠳᠠᠭᠠᠳᠬᠠᠭᠴᠢ ᠳᠠᠭᠠᠳᠬᠠᠯ ᠤᠨ ᠮᠥᠩᠭᠦ ᠥᠭᠬᠦ ᠬᠠᠷᠢᠭᠤᠴᠠᠯᠭ᠎ᠠ ᠡᠭᠦᠷᠭᠡᠯᠡᠬᠦ ᠦᠭᠡᠶ᠃        ᠳᠠᠭᠠᠳᠬᠠᠭᠤᠯᠤᠭᠴᠢ ᠬᠤᠶᠠᠷ ᠵᠢᠯ ᠠᠴᠠ ᠳᠡᠭᠡᠭᠰᠢ ᠳᠠᠭᠠᠳᠬᠠᠯ ᠤᠨ ᠰᠦᠢᠳᠬᠡᠯ ᠢᠶᠠᠨ ᠭᠦᠢᠴᠡᠳ ᠲᠤᠰᠢᠶᠠᠭᠰᠠᠨ ᠪᠠᠶᠢᠪᠠᠯ ᠳᠠᠭᠠᠳᠬᠠᠭᠴᠢ ᠭᠡᠷ᠎ᠡ ᠳᠤ ᠬᠡᠯᠡᠯᠴᠡᠨ ᠲᠣᠭᠲᠠᠭᠠᠭᠰᠠᠨ ᠶᠣᠰᠣᠭᠠᠷ ᠡᠷᠬᠡ ᠪᠠᠨ ᠡᠳ᠋ᠯᠡᠵᠦ ᠪᠦᠬᠦᠢ ᠪᠤᠰᠤᠳ ᠠᠰᠢᠭ ᠬᠦᠷᠲᠡᠭᠴᠢ ᠳᠤ ᠳᠠᠭᠠᠳᠬᠠᠯ ᠤᠨ ᠬᠠᠭᠤᠳᠠᠰᠤᠨ ᠳᠠᠬᠢ ᠪᠡᠯᠡᠨ ᠮᠥᠩᠭᠦ ᠶᠢᠨ ᠥᠷᠲᠡᠭ ᠢ ᠪᠤᠴᠠᠭᠠᠵᠤ ᠥᠭᠬᠦ ᠬᠡᠷᠡᠭᠲᠡᠶ᠃        ᠠᠰᠢᠭ ᠬᠦᠷᠲᠡᠭᠴᠢ ᠨᠢ ᠳᠠᠭᠠᠳᠬᠠᠭᠳᠠᠭᠴᠢ ᠶᠢ ᠵᠣᠷᠢᠭᠤᠳᠠ ᠦᠬᠦᠭᠦᠯᠦᠭᠰᠡᠨ ᠪᠤᠶᠤ ᠰᠢᠷᠬᠠᠲᠤᠭᠤᠯᠵᠤ ᠵᠡᠮᠳᠡᠭ ᠪᠣᠯᠭᠠᠭᠰᠠᠨ᠂ ᠡᠰᠡᠬᠦᠯ᠎ᠡ ᠳᠠᠭᠠᠳᠬᠠᠭᠳᠠᠭᠴᠢ ᠶᠢ ᠵᠣᠷᠢᠭᠤᠳᠠ ᠬᠤᠤᠷᠯᠠᠨ ᠠᠯᠠᠬᠤ ᠭᠡᠳ ᠠᠯᠠᠵᠤ ᠳᠡᠶᠢᠯᠦᠭᠰᠡᠨ ᠦᠭᠡᠶ ᠪᠠᠶᠢᠪᠠᠯ ᠠᠰᠢᠭ ᠬᠦᠷᠲᠡᠬᠦ ᠡᠷᠬᠡ ᠪᠠᠨ ᠠᠯᠳᠠᠨ᠎ᠠ᠃        ᠵᠢᠷᠠᠨ ᠲᠠᠪᠤᠳᠤᠭᠠᠷ ᠵᠦᠢᠯ    ᠦᠬᠦᠯ ᠢᠶᠠᠷ ᠳᠠᠭᠠᠳᠬᠠᠯ ᠤᠨ ᠮᠥᠩᠭᠦ ᠥᠭᠬᠦ ᠨᠥᠬᠦᠴᠡᠯ ᠪᠣᠯᠭᠠᠭᠰᠠᠨ ᠭᠡᠷ᠎ᠡ ᠶᠢᠨ ᠳᠠᠭᠠᠳᠬᠠᠭᠳᠠᠭᠴᠢ ᠠᠮᠢ ᠪᠠᠨ ᠬᠤᠤᠷᠯᠠᠭᠰᠠᠨ ᠪᠠᠶᠢᠪᠠᠯ᠂ ᠲᠤᠰ ᠵᠦᠢᠯ ᠤᠨ ᠬᠤᠶᠠᠳᠤᠭᠠᠷ ᠪᠠᠳᠠᠭ ᠤᠨ ᠲᠣᠭᠲᠠᠭᠠᠯ ᠢ ᠭᠠᠷᠭᠠᠪᠠᠯ᠂ ᠳᠠᠭᠠᠳᠬᠠᠭᠴᠢ ᠳᠠᠭᠠᠳᠬᠠᠯ ᠤᠨ ᠮᠥᠩᠭᠦ ᠥᠭᠬᠦ ᠬᠠᠷᠢᠭᠤᠴᠠᠯᠭ᠎ᠠ ᠡᠭᠦᠷᠭᠡᠯᠡᠬᠦ ᠦᠭᠡᠶ᠂ ᠭᠡᠪᠡᠴᠦ ᠳᠠᠭᠠᠳᠬᠠᠭᠤᠯᠤᠭᠴᠢ ᠶᠢᠨ ᠲᠤᠰᠢᠶᠠᠭᠰᠠᠨ ᠳᠠᠭᠠᠳᠬᠠᠯ ᠤᠨ ᠰᠦᠢᠳᠬᠡᠯ ᠢ ᠳᠠᠭᠠᠳᠬᠠᠭᠴᠢ ᠳᠠᠭᠠᠳᠬᠠᠯ ᠤᠨ ᠬᠠᠭᠤᠳᠠᠰᠤ ᠶᠣᠰᠣᠭᠠᠷ ᠪᠡᠯᠡᠨ ᠵᠣᠭᠤᠰᠣᠨ ᠤ ᠥᠷᠲᠡᠭ ᠢ ᠪᠤᠴᠠᠭᠠᠵᠤ ᠥᠭᠬᠦ ᠬᠡᠷᠡᠭᠲᠡᠶ᠃
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号