ᠳᠡᠯᠡᠬᠡᠢ ᠶᠢᠨ ᠬᠤᠨᠳᠠᠭᠠᠲᠤ ᠤᠷᠤᠯᠳᠤᠭᠠᠨ ᠤ ᠰᠤᠨᠤᠰᠬᠠᠯ
ᠨᠡᠶᠢᠲᠡᠯᠡᠭᠰᠡᠨ ᠴᠠᠭ᠄
2018-07-10
       1/8 ᠶᠢᠨ ᠰᠢᠢᠳᠪᠦᠷᠢᠲᠦ ᠤᠷᠤᠯᠳᠤᠭᠠᠨ ᠤ ᠡᠴᠦᠰ ᠤᠨ ᠤᠷᠤᠯᠳᠤᠭᠠᠨ ᠤ ᠡᠳᠦᠷ᠂ ᠰᠸᠧᠳᠧᠨ ᠤ ᠠᠩᠭᠢ  ᠨᠢ 1᠄ 0  ᠤᠨ ᠬᠠᠷᠢᠴᠠᠯ ᠢᠶᠠᠷ ᠰᠸᠢᠰ ᠤᠨ ᠠᠩᠭᠢ ᠶᠢ ᠰᠢᠭᠰᠢᠭᠳᠡᠭᠦᠯᠦᠨ ᠳᠡᠪᠰᠢᠵᠦ᠂ ᠢᠩᠭᠯᠡᠨᠳ᠋  ᠤᠨ ᠠᠩᠭᠢ  ᠨᠢ ᠴᠡᠭ ᠤᠨ ᠪᠦᠮᠪᠦᠭᠡ ᠶᠢᠨ ᠦᠵᠡᠯᠴᠡᠭᠡᠨ ᠤ ᠡᠴᠦᠰ ᠲᠤ 5᠄ 4  ᠶᠢᠨ ᠬᠠᠷᠢᠴᠠᠯ ᠢᠶᠠᠷ ᠺᠤᠯᠤᠮᠪᠢᠶ᠎ᠠ ᠶᠢᠨ ᠠᠩᠭᠢ ᠶᠢ ᠰᠢᠭᠰᠢᠭᠳᠡᠭᠦᠯᠦᠭᠰᠡᠨ ᠢᠶᠠᠷ᠂ 2018 ᠤᠨ ᠤ ᠤᠷᠤᠰ ᠤᠨ ᠳᠡᠯᠡᠬᠡᠢ ᠶᠢᠨ ᠬᠤᠨᠳᠠᠭᠠᠲᠤ ᠤᠷᠤᠯᠳᠤᠭᠠᠨ ᠤ 8 ᠬᠦᠴᠦᠷᠬᠡᠭ ᠪᠦᠬᠦᠨ ᠢᠶᠠᠷ ᠢᠶᠠᠨ ᠲᠤᠳᠤᠷᠠᠭᠰᠠᠨ ᠪᠠᠶᠢᠨ᠎ᠠ᠃        8 ᠬᠦᠴᠦᠷᠬᠡᠭ ᠨᠢ ᠲᠤᠰ ᠲᠤᠰ ᠦᠷᠦ᠋ᠭᠤᠸᠠᠢ᠂  ᠹᠷᠠᠨᠼᠢ᠂ ᠪᠷᠠᠽᠢᠯ᠂  ᠪᠧᠯᠭᠢ᠂  ᠤᠷᠤᠰ᠂ ᠺᠷᠦ᠋ᠲ᠋ᠢᠶ᠎ᠠ᠂  ᠢᠩᠭᠡᠯᠡᠨᠳ᠋᠂  ᠰᠸᠧᠳᠧᠨ ᠤ ᠠᠩᠭᠢ ᠪᠤᠯᠤᠨ᠎ᠠ᠃ 2014 ᠤᠨ ᠤ ᠳᠡᠯᠡᠬᠡᠢ ᠶᠢᠨ ᠬᠤᠨᠳᠠᠭᠠᠲᠤ ᠤᠷᠤᠯᠳᠤᠭᠠᠨ ᠤ 8  ᠬᠦᠴᠦᠷᠬᠡᠭ ᠲᠠᠢ ᠬᠠᠷᠢᠴᠠᠭᠤᠯᠪᠠᠯ᠂ 5  ᠬᠦᠴᠦᠷᠬᠡᠭ ᠨᠢ ᠰᠤᠯᠢᠭᠳᠠᠭᠰᠠᠨ ᠨᠢ ᠲᠤᠰ ᠬᠤᠭᠤᠴᠠᠭᠠᠨ ᠤ ᠳᠡᠯᠡᠬᠡᠢ ᠶᠢᠨ ᠬᠤᠨᠳᠠᠭᠠᠲᠤ ᠤᠷᠤᠯᠳᠤᠭᠠᠨ ᠬᠡᠳᠦᠢ ︽ᠬᠦᠢᠲᠡᠨ︾ ᠪᠠᠶᠢᠭ᠎ᠠ ᠶᠢ ᠬᠠᠷᠠᠭᠤᠯᠤᠨ᠎ᠠ᠃ 4  ᠳᠡᠯᠡᠬᠡᠢ ᠶᠢᠨ ᠬᠤᠨᠳᠠᠭᠠᠲᠤ ᠤᠷᠤᠯᠳᠤᠭᠠᠨ ᠤ ᠮᠠᠩᠯᠠᠢ ᠪᠤᠶᠤ 4  ᠳᠡᠯᠡᠬᠡᠢ ᠶᠢᠨ ᠬᠤᠨᠳᠠᠭᠠᠲᠤ ᠶᠢᠨ ᠮᠠᠩᠯᠠᠢ ᠪᠤᠯᠵᠤ ᠦᠩᠭᠡᠷᠡᠭᠡ ᠦᠭᠡᠢ ᠠᠩᠭᠢ ᠨᠤᠭᠤᠳ ᠬᠤᠭᠤᠷᠤᠨᠳᠤ ᠪᠠᠨ ᠦᠷᠢᠰᠦᠯᠳᠦᠬᠦ ᠲᠠᠰᠢᠷᠠᠮ ᠳᠤ᠂  ᠡᠨᠡ ᠤᠳᠠᠭ᠎ᠠ ᠴᠤᠬᠤᠮ 1958 ᠤᠨ ᠳᠤ ᠪᠷᠠᠽᠢᠯ ᠳᠡᠯᠡᠬᠡᠢ ᠶᠢᠨ ᠬᠤᠨᠳᠠᠭᠠᠲᠤ ᠤᠷᠤᠯᠳᠤᠭᠠᠨ ᠤ ᠮᠠᠩᠯᠠᠢ ᠪᠤᠯᠤᠭᠰᠠᠨ ᠠᠴᠠ ᠨᠠᠭᠠᠰᠢ᠂ 20 ᠵᠢᠯ ᠠᠯᠤᠰᠯᠠᠭᠠᠳ ᠨᠢᠭᠡ ᠰᠢᠨ᠎ᠡ ᠮᠠᠩᠯᠠᠢ ᠲᠤᠳᠤᠷᠠᠳᠠᠭ ᠵᠢᠮ᠎ᠡ ︵1978 ᠤᠨ ᠳᠤ ᠠᠷᠭᠧᠨ᠋ᠲ᠋ᠢᠨ ᠠᠩᠬᠠᠨ ᠤ ᠮᠠᠩᠯᠠᠢ ᠪᠠᠨ ᠠᠪᠴᠤ᠂ 1998 ᠤᠨ ᠳᠤ ᠹᠷᠠᠨᠼᠢ ᠠᠩᠬᠠᠨ ᠤ ᠮᠠᠩᠯᠠᠢ ᠪᠠᠨ ᠠᠪᠴᠤ ᠪᠠᠶᠢᠵᠠᠢ︶ ᠶᠢ ᠳᠠᠪᠲᠠᠳᠠᠭ ᠪᠤᠯ ᠦᠦ ᠭᠡᠰᠡᠨ ᠪᠤᠳᠤᠯ ᠤᠷᠤᠭᠤᠯᠤᠨ᠎ᠠ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号