ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠭᠡ ᠣᠩᠭᠤᠴᠠ ᠶᠢᠨ ᠭᠠᠶᠢᠯᠢ ᠶᠢᠨ ᠬᠠᠤᠯᠢ︾ ᠶᠢ ᠬᠡᠷᠡᠭᠵᠢᠭᠦᠯᠬᠦ ᠠᠷᠭ᠎ᠠ
ᠨᠡᠶᠢᠲᠡᠯᠡᠭᠰᠡᠨ ᠴᠠᠭ᠄
2018-07-02
    192 ᠳ᠋ᠤᠭᠠᠷ ᠲᠣᠭᠠᠲᠤ        ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ        ᠠᠷᠠᠳ ᠤᠨ ᠵᠠᠰᠠᠭ ᠤᠨ ᠣᠷᠳᠣᠨ ᠤ ᠵᠠᠷᠯᠢᠭ        ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ︿ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠭᠡ ᠣᠩᠭᠤᠴᠠ ᠶᠢᠨ ᠭᠠᠶᠢᠯᠢ ᠶᠢᠨ ᠬᠠᠤᠯᠢ﹀ ᠶᠢ ᠬᠡᠷᠡᠭᠵᠢᠭᠦᠯᠬᠦ ᠠᠷᠭ᠎ᠠ︾ ᠶᠢ 2013 ᠣᠨ ᠤ 1 ᠳ᠋ᠦ᠋ᠭᠡᠷ ᠰᠠᠷ᠎ᠠ ᠶᠢᠨ 23 ᠤ ᠡᠳᠦᠷ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ 1 ᠳ᠋ᠦ᠋ᠭᠡᠷ ᠤᠳᠠᠭᠠᠨ ᠤ ᠪᠠᠶᠢᠩᠭᠤ ᠶᠢᠨ ᠬᠤᠷᠠᠯ ᠢᠶᠠᠷ ᠬᠢᠨᠠᠨ ᠵᠥᠪᠯᠡᠵᠦ ᠪᠠᠲᠤᠯᠠᠭᠠᠳ᠂ ᠡᠳᠦᠭᠡ ᠨᠡᠶᠢᠲᠡᠯᠡᠪᠡ᠂ 2013 ᠣᠨ ᠤ 3 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠨ ᠬᠡᠷᠡᠭᠵᠢᠭᠦᠯᠦᠨ᠎ᠡ᠃            ᠥᠪᠡᠷᠲᠡᠭᠡᠨ ᠵᠠᠰᠠᠬᠤ ᠣᠷᠣᠨ ᠤ ᠲᠡᠷᠢᠭᠦᠯᠡᠭᠴᠢ ᠪᠠᠭᠠᠲᠤᠷ            2013 ᠣᠨ ᠤ 2 ᠳ᠋ᠤᠭᠠᠷ ᠰᠠᠷ᠎ᠠ ᠶᠢᠨ 6 ᠤ ᠡᠳᠦᠷ        ᠨᠢᠭᠡᠳᠦᠭᠡᠷ ᠵᠦᠢᠯ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠭᠡ ᠣᠩᠭᠤᠴᠠ ᠶᠢᠨ ᠭᠠᠶᠢᠯᠢ ᠶᠢᠨ ᠬᠠᠤᠯᠢ︾᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠭᠡ ᠣᠩᠭᠤᠴᠠ ᠶᠢᠨ ᠭᠠᠶᠢᠯᠢ ᠶᠢᠨ ᠬᠠᠤᠯᠢ ᠶᠢ ᠬᠡᠷᠡᠭᠵᠢᠭᠦᠯᠬᠦ ᠳᠦᠷᠢᠮ︾ ᠢ ᠦᠨᠳᠦᠰᠦᠯᠡᠨ᠂ ᠥᠪᠡᠷᠲᠡᠭᠡᠨ ᠵᠠᠰᠠᠬᠤ ᠣᠷᠣᠨ ᠤ ᠪᠣᠳᠠᠲᠤ ᠪᠠᠶᠢᠳᠠᠯ ᠲᠠᠢ ᠤᠶᠠᠯᠳᠤᠭᠤᠯᠵᠤ᠂ ᠲᠤᠰ ᠠᠷᠭ᠎ᠠ ᠶᠢ ᠲᠣᠭᠲᠠᠭᠠᠪᠠ᠃          ᠬᠤᠶᠠᠳᠤᠭᠠᠷ ᠵᠦᠢᠯ ᠥᠪᠡᠷᠲᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠳᠣᠲᠣᠷᠠᠬᠢ ᠲᠤᠰ ᠠᠷᠭ᠎ᠠ ᠳᠤ ᠳᠠᠭᠠᠯᠳᠤᠭᠤᠯᠤᠭᠰᠠᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠷᠭᠡ ᠣᠩᠭᠤᠴᠠ ᠶᠢᠨ ᠭᠠᠶᠢᠯᠢ ᠶᠢᠨ ᠵᠦᠢᠯ ᠭᠠᠶᠢᠯᠢ ᠶᠢᠨ ᠲᠤᠭ᠎ᠠ ᠶᠢᠨ ᠬᠦᠰᠦᠨᠦᠭᠲᠦ︾ ᠶᠢᠨ ᠲᠣᠭᠲᠠᠭᠠᠯ ᠳᠤ ᠬᠠᠷᠢᠶᠠᠯᠠᠭᠳᠠᠬᠤ ᠲᠡᠷᠭᠡ᠂ ᠣᠩᠭᠤᠴᠠ ᠵᠠᠪᠢ ᠶᠢᠨ ᠥᠮᠴᠢᠯᠡᠭᠴᠢ ᠪᠤᠶᠤ ᠬᠠᠮᠢᠶᠠᠷᠤᠭᠴᠢ ᠪᠣᠯ ᠲᠡᠷᠭᠡ ᠣᠩᠭᠤᠴᠠ ᠶᠢᠨ ᠭᠠᠶᠢᠯᠢ ᠲᠤᠰᠢᠶᠠᠭᠴᠢ ᠪᠣᠯᠬᠤ ᠲᠤᠯᠠ᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠭᠡ ᠣᠩᠭᠤᠴᠠ ᠶᠢᠨ ᠭᠠᠶᠢᠯᠢ ᠶᠢᠨ ᠬᠠᠤᠯᠢ︾᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠭᠡ ᠣᠩᠭᠤᠴᠠ ᠶᠢᠨ ᠭᠠᠶᠢᠯᠢ ᠶᠢᠨ ᠬᠠᠤᠯᠢ ᠶᠢᠨ ᠬᠡᠷᠡᠭᠵᠢᠭᠦᠯᠬᠦ ᠳᠦᠷᠢᠮ︾ ᠪᠣᠯᠤᠨ ᠲᠤᠰ ᠠᠷᠭ᠎ᠠ ᠶᠢᠨ ᠶᠣᠰᠣᠭᠠᠷ ᠲᠡᠷᠭᠡ ᠣᠩᠭᠤᠴᠠ ᠶᠢᠨ ᠭᠠᠶᠢᠯᠢ ᠲᠤᠰᠢᠶᠠᠬᠤ ᠬᠡᠷᠡᠭᠲᠡᠶ᠃          ᠲᠤᠰ ᠠᠷᠭ᠎ᠠ ᠳᠤ ᠬᠡᠯᠡᠵᠦ ᠪᠠᠶᠢᠭ᠎ᠠ ᠲᠡᠷᠭᠡ᠂ ᠣᠩᠭᠤᠴᠠ ᠵᠠᠪᠢ ᠭᠡᠳᠡᠭ ᠨᠢ ᠲᠡᠷᠭᠡ ᠣᠩᠭᠤᠴᠠ ᠶᠢ ᠳᠠᠩᠰᠠᠯᠠᠵᠤ ᠬᠠᠮᠢᠶᠠᠷᠬᠤ ᠰᠠᠯᠠᠭ᠎ᠠ ᠮᠥᠴᠢᠷ ᠲᠤ ᠬᠠᠤᠯᠢ ᠶᠣᠰᠣᠭᠠᠷ ᠳᠠᠩᠰᠠᠯᠠᠭᠤᠯᠤᠭᠰᠠᠨ ᠪᠠᠶᠢᠬᠤ ᠬᠡᠷᠡᠭᠲᠡᠶ᠃ ᠮᠠᠰᠢᠨᠲᠤ ᠲᠡᠷᠭᠡ ᠪᠣᠯᠤᠨ ᠣᠩᠭᠤᠴᠠ ᠵᠠᠪᠢ ᠵᠢᠴᠢ ᠲᠡᠷᠭᠡ ᠣᠩᠭᠤᠴᠠ ᠶᠢ ᠳᠠᠩᠰᠠᠯᠠᠵᠤ ᠬᠠᠮᠢᠶᠠᠷᠬᠤ ᠰᠠᠯᠠᠭ᠎ᠠ ᠮᠥᠴᠢᠷ ᠲᠤ ᠬᠠᠤᠯᠢ ᠶᠣᠰᠣᠭᠠᠷ ᠳᠠᠩᠰᠠᠯᠠᠭᠤᠯᠬᠤ ᠴᠢᠬᠤᠯᠠ ᠦᠭᠡᠶ ᠨᠢᠭᠡᠴᠡ ᠶᠢᠨ ᠳᠣᠲᠣᠭᠠᠳᠤ ᠭᠠᠵᠠᠷ ᠲᠠᠯᠠᠪᠤᠷ ᠲᠤ ᠶᠠᠪᠤᠭᠤᠯᠵᠤ ᠪᠠᠶᠢᠭ᠎ᠠ ᠪᠤᠶᠤ ᠠᠵᠢᠯᠯᠠᠭᠤᠯᠵᠤ ᠪᠠᠶᠢᠭ᠎ᠠ ᠮᠠᠰᠢᠨᠲᠤ ᠲᠡᠷᠭᠡ ᠪᠣᠯᠤᠨ ᠣᠩᠭᠤᠴᠠ ᠵᠠᠪᠢ ᠶᠢ ᠵᠢᠭᠠᠵᠤ ᠪᠤᠶ᠃          ᠭᠤᠷᠪᠠᠳᠤᠭᠠᠷ ᠵᠦᠢᠯ ᠲᠡᠷᠭᠡ ᠣᠩᠭᠤᠴᠠ ᠶᠢᠨ ᠭᠠᠶᠢᠯᠢ ᠶᠢᠨ ᠵᠦᠢᠯ᠂ ᠭᠠᠶᠢᠯᠢ ᠶᠢᠨ ᠲᠤᠭ᠎ᠠ ᠶᠢ ᠲᠤᠰ ᠠᠷᠭ᠎ᠠ ᠳᠤ ᠳᠠᠭᠠᠯᠳᠤᠭᠤᠯᠤᠭᠰᠠᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠷᠭᠡ ᠣᠩᠭᠤᠴᠠ ᠶᠢᠨ ᠭᠠᠶᠢᠯᠢ ᠶᠢᠨ ᠵᠦᠢᠯ᠂ ᠭᠠᠶᠢᠯᠢ ᠶᠢᠨ ᠲᠤᠭ᠎ᠠ ᠶᠢᠨ ᠬᠦᠰᠦᠨᠦᠭᠲᠦ︾ ᠶᠢᠨ ᠶᠣᠰᠣᠭᠠᠷ ᠬᠡᠷᠡᠭᠵᠢᠭᠦᠯᠦᠨ᠎ᠡ᠃          ᠳᠥᠷᠪᠡᠳᠦᠭᠡᠷ ᠵᠦᠢᠯ ᠳᠣᠤᠷᠠᠬᠢ ᠲᠡᠷᠭᠡ ᠣᠩᠭᠤᠴᠠ ᠶᠢ ᠲᠡᠷᠭᠡ ᠣᠩᠭᠤᠴᠠ ᠶᠢᠨ ᠭᠠᠶᠢᠯᠢ ᠲᠠᠲᠠᠪᠤᠷᠢᠯᠠᠬᠤ ᠠᠴᠠ ᠬᠡᠯᠲᠦᠷᠢᠭᠦᠯᠦᠨ᠎ᠡ᠄          ︵ᠨᠢᠭᠡ︶ ᠠᠩᠨᠠᠵᠤ ᠱᠦᠭᠦᠬᠦ᠂ ᠲᠡᠵᠢᠭᠡᠨ ᠦᠷᠡᠵᠢᠭᠦᠯᠬᠦ ᠵᠢᠭᠠᠰᠤᠨ ᠤ ᠣᠩᠭᠤᠴᠠ ᡾         ︵ᠬᠤᠶᠠᠷ︶ ᠴᠡᠷᠢᠭ ᠠᠩᠭᠢ᠂ ᠵᠡᠪᠰᠡᠭᠲᠦ ᠴᠠᠭᠳᠠᠭ᠎ᠠ ᠶᠢᠨ ᠴᠡᠷᠢᠭ ᠠᠩᠭᠢ ᠶᠢᠨ ᠲᠤᠰᠬᠠᠶ ᠬᠡᠷᠡᠭᠯᠡᠬᠦ ᠲᠡᠷᠭᠡ ᠣᠩᠭᠤᠴᠠ ᡾         ︵ᠭᠤᠷᠪᠠ︶ ᠴᠠᠭᠳᠠᠭᠠᠨ ᠤ ᠲᠡᠷᠭᠡ ᠣᠩᠭᠤᠴᠠ ᡾         ︵ᠳᠥᠷᠪᠡ︶ ᠬᠠᠤᠯᠢ ᠴᠠᠭᠠᠵᠠ ᠶᠢᠨ ᠲᠣᠭᠲᠠᠭᠠᠯ ᠶᠣᠰᠣᠭᠠᠷ ᠭᠠᠶᠢᠯᠢ ᠬᠡᠯᠲᠦᠷᠢᠭᠦᠯᠵᠦ ᠥᠭᠬᠦ ᠬᠡᠷᠡᠭᠲᠡᠶ᠃ ᠳᠤᠮᠳᠠᠳᠤ ᠤᠯᠤᠰ ᠲᠤ ᠰᠠᠭᠤᠭ᠎ᠠ ᠭᠠᠳᠠᠭᠠᠳᠤ ᠶᠢᠨ ᠡᠯᠴᠢᠨ ᠰᠠᠶᠢᠳ ᠤᠨ ᠶᠠᠮᠤᠨ ᠺᠤᠨᠰᠦ᠋ᠯ ᠤᠨ ᠭᠠᠵᠠᠷ᠂ ᠣᠯᠠᠨ ᠤᠯᠤᠰ ᠤᠨ ᠵᠣᠬᠢᠶᠠᠨ ᠪᠠᠶᠢᠭᠤᠯᠤᠯᠲᠠ ᠶᠢᠨ ᠳᠤᠮᠳᠠᠳᠤ ᠤᠯᠤᠰ ᠲᠤ ᠰᠠᠭᠤᠭ᠎ᠠ ᠲᠥᠯᠥᠭᠡᠯᠡᠬᠦ ᠪᠠᠶᠢᠭᠤᠯᠤᠮᠵᠢ ᠬᠢᠭᠡᠳ ᠲᠡᠭᠦᠨ ᠤ ᠬᠤᠯᠪᠣᠭᠳᠠᠯ ᠪᠦᠬᠦᠢ ᠬᠥᠮᠦᠰ ᠤᠨ ᠲᠡᠷᠭᠡ ᠣᠩᠭᠤᠴᠠ ᡾         ︵ᠲᠠᠪᠤ︶ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠲᠡᠷᠭᠡ ᠣᠩᠭᠤᠴᠠ ᡾         ︵ᠵᠢᠷᠭᠤᠭ᠎ᠠ︶ ᠲᠠᠷᠢᠶᠠᠯᠠᠬᠤ ᠮᠠᠯᠵᠢᠬᠤ ᠣᠷᠣᠨ ᠤ ᠰᠠᠭᠤᠭᠠᠯᠢ ᠠᠷᠠᠳ ᠲᠤ ᠪᠠᠶᠢᠭ᠎ᠠ ᠪᠥᠭᠡᠳ ᠭᠤᠤᠯᠳᠠᠭᠤ ᠲᠠᠷᠢᠶᠠᠯᠠᠬᠤ ᠮᠠᠯᠵᠢᠬᠤ ᠣᠷᠣᠨ ᠳᠤ ᠬᠡᠷᠡᠭᠯᠡᠬᠦ ᠮᠤᠲ᠋ᠤᠷ᠂ ᠭᠤᠷᠪᠠᠨ ᠬᠦᠷᠳᠦᠲᠦ ᠮᠠᠰᠢᠨ ᠲᠡᠷᠭᠡ ᠪᠣᠯᠤᠨ ᠳᠣᠤᠷ᠎ᠠ ᠬᠤᠷᠳᠤᠴᠠᠲᠤ ᠪᠠᠷᠠᠭ᠎ᠠ ᠲᠡᠭᠡᠭᠡᠬᠦ ᠮᠠᠰᠢᠨ ᠲᠡᠷᠭᠡ᠃          ᠲᠠᠪᠤᠳᠤᠭᠠᠷ ᠵᠦᠢᠯ ᠲᠣᠭᠲᠠᠭᠠᠯ ᠶᠣᠰᠣᠭᠠᠷ ᠣᠩᠭᠤᠴᠠ ᠵᠠᠪᠢ ᠶᠢᠨ ᠲᠣᠨ ᠤ ᠭᠠᠶᠢᠯᠢ ᠲᠤᠰᠢᠶᠠᠵᠤ ᠪᠠᠶᠢᠭ᠎ᠠ ᠮᠠᠰᠢᠨᠲᠤ ᠣᠩᠭᠤᠴᠠ ᠵᠠᠪᠢ ᠪᠣᠯᠤᠨ ᠲᠡᠷᠭᠡ ᠣᠩᠭᠤᠴᠠ ᠶᠢ ᠳᠠᠩᠰᠠᠯᠠᠵᠤ ᠬᠠᠮᠢᠶᠠᠷᠬᠤ ᠰᠠᠯᠠᠭ᠎ᠠ ᠮᠥᠴᠢᠷ ᠲᠤ ᠬᠠᠤᠯᠢ ᠶᠣᠰᠣᠭᠠᠷ ᠳᠠᠩᠰᠠᠯᠠᠭᠤᠯᠬᠤ ᠴᠢᠬᠤᠯᠠ ᠦᠭᠡᠶ ᠨᠢᠰᠬᠡᠯ ᠤᠨ ᠪᠠᠭᠤᠳᠠᠯ᠂ ᠭᠠᠷᠠᠮ᠂ ᠲᠡᠮᠦᠷ ᠵᠠᠮ ᠤᠨ ᠥᠷᠲᠡᠭᠡᠨ ᠤ ᠳᠣᠲᠣᠭᠠᠳᠤ ᠳᠠᠭᠠᠨ ᠶᠠᠪᠤᠭᠤᠯᠬᠤ ᠪᠤᠶᠤ ᠠᠵᠢᠯᠯᠠᠭᠤᠯᠵᠤ ᠪᠠᠶᠢᠭ᠎ᠠ ᠲᠡᠷᠭᠡ ᠣᠩᠭᠤᠴᠠ ᠶᠢ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠭᠡ ᠣᠩᠭᠤᠴᠠ ᠶᠢᠨ ᠭᠠᠶᠢᠯᠢ ᠶᠢᠨ ᠬᠠᠤᠯᠢ︾ ᠶᠢ ᠬᠡᠷᠡᠭᠵᠢᠭᠦᠯᠦᠭᠰᠡᠨ ᠡᠳᠦᠷ ᠠᠴᠠ ᠡᠬᠢᠯᠡᠨ 5 ᠵᠢᠯ ᠤᠨ ᠳᠣᠲᠣᠷ᠎ᠠ ᠲᠡᠷᠭᠡ ᠣᠩᠭᠤᠴᠠ ᠶᠢᠨ ᠭᠠᠶᠢᠯᠢ ᠲᠠᠲᠠᠪᠤᠷᠢᠯᠠᠬᠤ ᠠᠴᠠ ᠬᠡᠯᠲᠦᠷᠢᠭᠦᠯᠦᠨ᠎ᠡ᠃          ᠵᠢᠷᠭᠤᠳᠤᠭᠠᠷ ᠵᠦᠢᠯ ᠡᠨᠧᠷᠭᠢ ᠠᠷᠪᠢᠯᠠᠬᠤ᠂ ᠰᠢᠨ᠎ᠡ ᠡᠨᠧᠷᠭᠢ ᠵᠠᠷᠤᠴᠠᠭᠤᠯᠵᠤ ᠪᠠᠶᠢᠭ᠎ᠠ ᠲᠡᠷᠭᠡ ᠣᠩᠭᠤᠴᠠ ᠠᠴᠠ ᠲᠡᠷᠭᠡ ᠣᠩᠭᠤᠴᠠ ᠶᠢᠨ ᠭᠠᠶᠢᠯᠢ ᠬᠠᠰᠤᠵᠤ ᠲᠠᠲᠠᠪᠤᠷᠢᠯᠠᠬᠤ ᠪᠤᠶᠤ ᠬᠡᠯᠲᠦᠷᠢᠭᠦᠯᠵᠦ ᠪᠣᠯᠤᠨ᠎ᠠ᠃ ᠪᠣᠳᠠᠲᠠᠶ ᠬᠡᠪᠴᠢᠶ᠎ᠡ ᠶᠢ ᠤᠯᠤᠰ ᠤᠨ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠬᠡᠷᠡᠭᠵᠢᠭᠦᠯᠦᠨ᠎ᠡ᠃          ᠭᠠᠵᠠᠷ ᠬᠥᠳᠡᠯᠦᠯᠲᠡ᠂ ᠦᠶᠡᠷ ᠤᠰᠤᠲᠤᠯ ᠵᠡᠷᠭᠡ ᠬᠦᠨᠳᠦ ᠨᠣᠴᠢᠲᠠᠶ ᠪᠠᠶᠢᠭᠠᠯᠢ ᠶᠢᠨ ᠭᠠᠮᠰᠢᠭ ᠤᠨ ᠨᠥᠯᠥᠭᠡ ᠠᠴᠠ ᠪᠣᠯᠵᠤ ᠭᠠᠶᠢᠯᠢ ᠲᠤᠰᠢᠶᠠᠬᠤ ᠳᠤ ᠬᠦᠴᠢᠷᠳᠡᠯ ᠲᠠᠢ ᠪᠣᠯᠤᠭᠰᠠᠨ ᠵᠢᠴᠢ ᠪᠤᠰᠤᠳ  ᠤᠨᠴᠠᠭᠠᠢ ᠰᠢᠯᠲᠠᠭᠠᠨ ᠠᠴᠠ ᠪᠣᠯᠣᠭᠠᠳ ᠭᠠᠶᠢᠯᠢ ᠬᠠᠰᠤᠵᠤ ᠬᠡᠯᠲᠦᠷᠢᠭᠦᠯᠬᠦ ᠦᠨᠡᠨᠬᠦ ᠴᠢᠬᠤᠯᠠᠲᠠᠶ ᠲᠡᠷᠭᠡ ᠣᠩᠭᠤᠴᠠ ᠠᠴᠠ ᠵᠣᠬᠢᠬᠤ ᠬᠤᠭᠤᠴᠠᠭᠠᠨ ᠳᠤ ᠲᠡᠷᠭᠡ ᠣᠩᠭᠤᠴᠠ ᠶᠢᠨ ᠭᠠᠶᠢᠯᠢ ᠬᠠᠰᠤᠵᠤ ᠲᠠᠲᠠᠪᠤᠷᠢᠯᠠᠬᠤ ᠪᠤᠶᠤ ᠬᠡᠯᠲᠦᠷᠢᠭᠦᠯᠵᠦ ᠪᠣᠯᠤᠨ᠎ᠠ᠃ ᠪᠣᠳᠠᠲᠠᠶ ᠬᠠᠰᠤᠵᠤ ᠬᠡᠯᠲᠦᠷᠢᠭᠦᠯᠬᠦ ᠬᠤᠭᠤᠴᠠᠭ᠎ᠠ ᠪᠣᠯᠤᠨ ᠲᠤᠭ᠎ᠠ ᠬᠡᠮᠵᠢᠶ᠎ᠡ ᠶᠢ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ᠂ ᠭᠠᠶᠢᠯᠢ ᠶᠢᠨ ᠶᠠᠪᠤᠳᠠᠯ ᠤᠨ ᠵᠠᠰᠠᠭ ᠵᠠᠬᠢᠷᠭᠠᠨ ᠤ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠠᠴᠠ ᠲᠣᠭᠲᠠᠭᠠᠵᠤ᠂ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠳᠤ ᠮᠡᠳᠡᠭᠦᠯᠵᠦ ᠵᠥᠪᠰᠢᠶᠡᠷᠡᠭᠦᠯᠦᠭᠰᠡᠨ ᠤ ᠳᠠᠷᠠᠭ᠎ᠠ ᠬᠡᠷᠡᠭᠵᠢᠭᠦᠯᠬᠦ ᠶᠢᠨ ᠬᠠᠮᠲᠤ ᠲᠥᠷᠥ ᠶᠢᠨ ᠶᠠᠪᠤᠳᠠᠯ ᠤᠨ ᠬᠤᠷᠢᠶᠠᠨ ᠳᠤ ᠮᠡᠳᠡᠭᠦᠯᠵᠦ ᠳᠠᠩᠰᠠᠯᠠᠭᠤᠯᠤᠨ᠎ᠠ᠃          ᠳᠣᠯᠣᠳᠤᠭᠠᠷ ᠵᠦᠢᠯ ᠲᠡᠷᠭᠡ ᠣᠩᠭᠤᠴᠠ ᠶᠢᠨ ᠭᠠᠶᠢᠯᠢ ᠶᠢ ᠣᠷᠣᠨ ᠨᠤᠲᠤᠭ ᠤᠨ ᠭᠠᠶᠢᠯᠢ ᠶᠢᠨ ᠶᠠᠪᠤᠳᠠᠯ ᠤᠨ ᠪᠠᠶᠢᠭᠤᠯᠤᠯᠭ᠎ᠠ ᠬᠠᠷᠢᠭᠤᠴᠠᠵᠤ ᠲᠠᠲᠠᠪᠤᠷᠢᠯᠠᠨ᠎ᠠ᠃          ᠨᠠᠢᠮᠠᠳᠤᠭᠠᠷ ᠵᠦᠢᠯ ᠮᠠᠰᠢᠨᠲᠤ ᠲᠡᠷᠭᠡᠨ ᠤ ᠭᠤᠷᠪᠠᠳᠠᠭᠴᠢ ᠡᠲᠡᠭᠡᠳ ᠤᠨ ᠬᠠᠷᠢᠭᠤᠴᠠᠯᠭ᠎ᠠ ᠶᠢᠨ ᠠᠯᠪᠠᠳᠠᠯᠭᠠᠲᠤ ᠳᠠᠭᠠᠳᠬᠠᠯ ᠤᠨ ᠲᠤᠬᠠᠶᠢᠯᠠᠭᠰᠠᠨ ᠠᠵᠢᠯ ᠢ ᠡᠷᠬᠢᠯᠡᠵᠦ ᠪᠠᠶᠢᠭ᠎ᠠ ᠳᠠᠭᠠᠳᠬᠠᠯ ᠤᠨ ᠪᠠᠶᠢᠭᠤᠯᠤᠮᠵᠢ ᠪᠣᠯ ᠮᠠᠰᠢᠨᠲᠤ ᠲᠡᠷᠭᠡ᠂ ᠲᠡᠷᠭᠡ ᠣᠩᠭᠤᠴᠠ ᠶᠢᠨ ᠭᠠᠶᠢᠯᠢ ᠰᠠᠭᠤᠯᠭᠠᠨ ᠲᠤᠰᠢᠶᠠᠯᠭᠠᠬᠤ ᠡᠭᠦᠷᠭᠡᠳᠡᠨ ᠪᠣᠯᠬᠤ ᠲᠤᠯᠠ᠂ ᠳᠠᠭᠠᠳᠬᠠᠯ ᠤᠨ ᠰᠦᠢᠳᠬᠡᠯ ᠬᠤᠷᠢᠶᠠᠬᠤ ᠳᠠᠭᠠᠨ ᠲᠡᠷᠭᠡ ᠣᠩᠭᠤᠴᠠ ᠶᠢᠨ ᠭᠠᠶᠢᠯᠢ ᠶᠢ ᠬᠠᠤᠯᠢ ᠶᠣᠰᠣᠭᠠᠷ ᠣᠷᠣᠯᠠᠨ ᠲᠠᠲᠠᠪᠤᠷᠢᠯᠠᠬᠤ ᠶᠢᠨ ᠬᠠᠮᠲᠤ ᠭᠠᠶᠢᠯᠢ ᠶᠢᠨ ᠵᠣᠭᠤᠰ ᠢ ᠣᠷᠣᠯᠠᠨ ᠬᠤᠷᠢᠶᠠᠭᠰᠠᠨ ᠭᠡᠷᠡᠴᠢ ᠬᠢᠵᠦ ᠥᠭᠬᠦ ᠬᠡᠷᠡᠭᠲᠡᠶ᠃          ᠶᠢᠰᠦᠳᠦᠭᠡᠷ ᠵᠦᠢᠯ ᠲᠡᠷᠭᠡ ᠣᠩᠭᠤᠴᠠ ᠶᠢᠨ ᠭᠠᠶᠢᠯᠢ ᠶᠢ ᠵᠢᠯ ᠢᠶᠠᠷ ᠮᠡᠳᠡᠭᠦᠯᠦᠨ᠂ ᠰᠠᠷ᠎ᠠ ᠬᠤᠪᠢᠶᠠᠨ ᠪᠣᠳᠣᠵᠤ᠂ ᠨᠢᠭᠡ ᠤᠳᠠᠭ᠎ᠠ ᠶᠢᠨ ᠴᠢᠨᠠᠷᠲᠠᠶ ᠲᠤᠰᠢᠶᠠᠨ᠎ᠠ᠃ ᠭᠠᠶᠢᠯᠢ ᠲᠤᠰᠢᠶᠠᠬᠤ ᠣᠨ ᠨᠢ ᠨᠡᠶᠢᠲᠡ ᠶᠢᠨ ᠤᠯᠠᠷᠢᠯ ᠤᠨ 1  ᠳ᠋ᠤᠭᠡᠷ ᠰᠠᠷ᠎ᠠ ᠶᠢᠨ 1 ᠤ ᠡᠳᠦᠷ ᠠᠴᠠ 12 ᠳ᠋ᠤᠭᠠᠷ ᠰᠠᠷ᠎ᠠ ᠶᠢᠨ 31 ᠤ ᠡᠳᠦᠷ ᠬᠦᠷᠲᠡᠯ᠎ᠡ ᠪᠣᠯᠤᠨ᠎ᠠ᠃          ᠰᠠᠭᠤᠯᠭᠠᠨ ᠲᠤᠰᠢᠶᠠᠯᠭᠠᠬᠤ ᠡᠭᠦᠷᠭᠡᠳᠡᠨ ᠲᠡᠷᠭᠡ ᠣᠩᠭᠤᠴᠠ ᠶᠢᠨ ᠭᠠᠶᠢᠯᠢ ᠶᠢ ᠲᠠᠲᠠᠪᠤᠷᠢᠯᠠᠵᠤ ᠣᠷᠣᠯᠠᠨ ᠲᠤᠰᠢᠶᠠᠯᠭᠠᠪᠠᠯ᠂ ᠭᠠᠶᠢᠯᠢ ᠲᠤᠰᠢᠶᠠᠭᠴᠢ ᠮᠠᠰᠢᠨᠲᠤ ᠲᠡᠷᠭᠡᠨ ᠤ ᠵᠠᠮ ᠬᠠᠷᠢᠯᠴᠠᠭᠠᠨ ᠤ ᠠᠳᠡᠯ ᠤᠨ ᠬᠠᠷᠢᠭᠤᠴᠠᠯᠭ᠎ᠠ ᠶᠢᠨ ᠠᠯᠪᠠᠳᠠᠯᠭᠠᠲᠤ ᠳᠠᠭᠠᠳᠬᠠᠯ ᠢ ᠭᠦᠢᠴᠡᠳᠬᠡᠬᠦ ᠶᠢᠨ ᠵᠡᠷᠭᠡᠪᠡᠷ ᠲᠡᠷᠭᠡ ᠣᠩᠭᠤᠴᠠ ᠶᠢᠨ ᠭᠠᠶᠢᠯᠢ ᠲᠤᠰᠢᠶᠠᠬᠤ ᠬᠡᠷᠡᠭᠲᠡᠶ᠃          ᠭᠠᠶᠢᠯᠢ ᠲᠤᠰᠢᠶᠠᠭᠴᠢ ᠲᠡᠷᠭᠡ ᠣᠩᠭᠤᠴᠠ ᠰᠢᠨ᠎ᠡ ᠪᠠᠷ ᠬᠤᠳᠠᠯᠳᠤᠨ ᠠᠪᠤᠭᠰᠠᠨ ᠮᠥᠷᠲᠡᠭᠡᠨ ᠲᠡᠷᠭᠡ ᠣᠩᠭᠤᠴᠠ ᠶᠢᠨ ᠭᠠᠶᠢᠯᠢ ᠶᠢ ᠲᠤᠰᠢᠶᠠᠬᠤ ᠪᠠᠨ ᠥᠪᠡᠷ ᠲᠡᠭᠡᠨ ᠮᠡᠳᠡᠭᠦᠯᠪᠡᠯ᠂ ᠭᠠᠶᠢᠯᠢ ᠲᠤᠰᠢᠶᠠᠬᠤ ᠡᠭᠦᠷᠭᠡ ᠡᠭᠦᠰᠦᠭᠰᠡᠨ ᠤ ᠳᠠᠷᠠᠭ᠎ᠠ ᠰᠠᠷ᠎ᠠ ᠶᠢᠨ ᠬᠢᠨᠢ 30 ᠤ ᠡᠳᠦᠷ ᠠᠴᠠ ᠡᠮᠦᠨ᠎ᠡ ᠲᠡᠷᠭᠡ ᠣᠩᠭᠤᠴᠠ ᠶᠢᠨ ᠭᠠᠶᠢᠯᠢ ᠪᠠᠨ ᠲᠤᠰᠢᠶᠠᠬᠤ ᠬᠡᠷᠡᠭᠲᠡᠶ᠃          ᠠᠷᠪᠠᠳᠤᠭᠠᠷ ᠵᠦᠢᠯ ᠳᠠᠭᠠᠳᠬᠠᠯ ᠤᠨ ᠪᠠᠶᠢᠭᠤᠯᠤᠮᠵᠢ ᠶᠢᠨ ᠲᠡᠷᠭᠡ ᠣᠩᠭᠤᠴᠠ ᠶᠢᠨ ᠭᠠᠶᠢᠯᠢ ᠣᠷᠣᠯᠠᠨ ᠲᠠᠲᠠᠪᠤᠷᠢᠯᠠᠵᠤ ᠣᠷᠣᠯᠠᠨ ᠲᠤᠰᠢᠶᠠᠯᠭᠠᠬᠤ ᠭᠠᠷᠳᠠᠮ ᠤᠨ ᠰᠦᠢᠳᠬᠡᠯ ᠤᠨ ᠪᠠᠷᠢᠮᠵᠢᠶ᠎ᠠ ᠶᠢ ᠤᠯᠤᠰ ᠤᠨ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ ᠬᠡᠷᠡᠭᠵᠢᠭᠦᠯᠦᠨ᠎ᠡ᠃        ᠠᠷᠪᠠᠨ ᠨᠢᠭᠡᠳᠦᠭᠡᠷ ᠵᠦᠢᠯ ᠲᠡᠷᠭᠡ ᠣᠩᠭᠤᠴᠠ ᠶᠢᠨ ᠭᠠᠶᠢᠯᠢ ᠲᠠᠲᠠᠪᠤᠷᠢᠯᠠᠬᠤ ᠬᠠᠮᠢᠶᠠᠷᠤᠯᠲᠠ ᠶᠢ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠭᠠᠶᠢᠯᠢ ᠲᠠᠲᠠᠪᠤᠷᠢᠯᠠᠬᠤ ᠬᠠᠮᠢᠶᠠᠷᠤᠯᠲᠠ ᠶᠢᠨ ᠬᠠᠤᠯᠢ︾᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠭᠡ ᠣᠩᠭᠤᠴᠠ ᠶᠢᠨ ᠭᠠᠶᠢᠯᠢ ᠶᠢᠨ ᠬᠠᠤᠯᠢ︾᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠭᠡ ᠣᠩᠭᠤᠴᠠ ᠶᠢᠨ ᠭᠠᠶᠢᠯᠢ ᠶᠢᠨ ᠬᠠᠤᠯᠢ ᠶᠢ ᠬᠡᠷᠡᠭᠵᠢᠭᠦᠯᠬᠦ ᠳᠦᠷᠢᠮ︾ ᠬᠢᠭᠡᠳ ᠲᠤᠰ ᠠᠷᠭ᠎ᠠ ᠶᠢᠨ ᠲᠣᠭᠲᠠᠭᠠᠯ ᠶᠣᠰᠣᠭᠠᠷ ᠬᠡᠷᠡᠭᠵᠢᠭᠦᠯᠦᠨ᠎ᠡ᠃          ᠠᠷᠪᠠᠨ ᠬᠤᠶᠠᠳᠤᠭᠠᠷ ᠵᠦᠢᠯ ᠲᠤᠰ ᠠᠷᠭ᠎ᠠ ᠳᠤ ᠬᠡᠯᠡᠵᠦ ᠪᠠᠶᠢᠭ᠎ᠠ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠲᠡᠷᠭᠡ ᠣᠩᠭᠤᠴᠠ ᠭᠡᠳᠡᠭ ᠨᠢ ᠬᠠᠤᠯᠢ ᠶᠣᠰᠣᠭᠠᠷ ᠡᠵᠡᠩᠨᠡᠬᠦ ᠬᠢᠷᠢ ᠭᠡᠮ ᠣᠯᠤᠭᠰᠠᠨ ᠪᠠᠷᠠᠭᠠᠨ ᠤ ᠦᠨ᠎ᠡ ᠶᠢᠨ ᠰᠠᠯᠠᠭ᠎ᠠ ᠮᠥᠴᠢᠷ ᠤᠨ ᠲᠣᠭᠲᠠᠭᠠᠭᠰᠠᠨ ᠪᠢᠯᠧᠲ ᠤᠨ ᠦᠨ᠎ᠡ ᠶᠢᠨ ᠪᠠᠷᠢᠮᠵᠢᠶ᠎ᠠ ᠶᠢ ᠬᠡᠷᠡᠭᠵᠢᠭᠦᠯᠵᠦ᠂ ᠲᠣᠭᠲᠠᠭᠰᠠᠨ ᠴᠠᠭ᠂ ᠵᠠᠮ ᠱᠤᠭᠤᠮ ᠪᠣᠯᠤᠨ ᠥᠷᠲᠡᠭᠡ  ᠴᠡᠭ ᠤᠨ ᠶᠣᠰᠣᠭᠠᠷ ᠡᠵᠡᠩᠨᠡᠵᠦ᠂ ᠣᠯᠠᠨ ᠨᠡᠶᠢᠲᠡ ᠶᠢ ᠲᠡᠷᠭᠡ  ᠤᠩᠭᠤᠴᠠᠨ ᠳᠤ ᠰᠠᠭᠤᠯᠭᠠᠬᠤ ᠶᠢᠨ ᠬᠠᠮᠲᠤ ᠨᠡᠶᠢᠭᠡᠮ ᠤᠨ ᠨᠡᠶᠢᠲᠡ ᠶᠢᠨ ᠠᠰᠠᠷᠠᠮᠵᠢ ᠶᠢᠨ ᠴᠢᠨᠠᠷᠲᠠᠶ ᠦᠢᠯᠡᠴᠢᠯᠡᠭᠡᠨ ᠢ ᠡᠭᠦᠷᠭᠡᠯᠡᠬᠦ ᠪᠤᠶᠤ ᠵᠠᠰᠠᠭ ᠤᠨ ᠣᠷᠳᠣᠨ ᠤ ᠵᠠᠷᠯᠢᠭ ᠤᠨ ᠴᠢᠨᠠᠷᠲᠠᠶ ᠡᠭᠦᠷᠭᠡ ᠶᠢ ᠭᠦᠢᠴᠡᠳᠬᠡᠬᠦ ᠲᠡᠷᠭᠡ ᠣᠩᠭᠤᠴᠠ ᠶᠢ ᠵᠢᠭᠠᠵᠤ ᠪᠤᠶ᠃          ᠠᠷᠪᠠᠨ ᠭᠤᠷᠪᠠᠳᠤᠭᠠᠷ ᠵᠦᠢᠯ ᠲᠤᠰ ᠠᠷᠭ᠎ᠠ ᠶᠢ 2013 ᠣᠨ ᠤ 3 ᠳ᠋ᠤᠭᠠᠷ ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃ 2007 ᠣᠨ ᠤ 8 ᠳ᠋ᠤᠭᠠᠷ ᠰᠠᠷ᠎ᠠ ᠶᠢᠨ 23 ᠤ ᠡᠳᠦᠷ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠨᠡᠶᠢᠲᠡᠯᠡᠭᠰᠡᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠷᠭᠡ ᠣᠩᠭᠤᠴᠠ ᠶᠢᠨ ᠭᠠᠶᠢᠯᠢ ᠶᠢᠨ ᠬᠡᠷᠡᠭᠵᠢᠭᠦᠯᠬᠦ ᠠᠷᠭ᠎ᠠ︾ ︵ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠵᠠᠷᠯᠢᠭ 149 ᠳ᠋ᠦᠭᠡᠷ ᠲᠣᠭᠠᠲᠤ︶ ᠶᠢ ᠡᠭᠦᠨ ᠤ ᠬᠠᠮᠲᠤ ᠬᠦᠴᠦᠨ ᠦᠭᠡᠶ ᠪᠣᠯᠭᠠᠨ᠎ᠠ᠃  
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号